☆ ᠳ᠋·ᠲᠦᠮᠡᠠᠰᠠᠩ
ᠵᠠᠯᠠᠭᠤ ᠨᠠᠰᠤ
ᠰᠦᠨᠢ ᠶᠢᠨ ᠬᠠᠷᠠᠩᠭ᠋ᠤᠢ ᠳᠤ ᠭᠡᠷᠡᠯᠳᠦᠭᠦ ᠰᠠᠷᠠᠨ ᠤ ᠮᠥᠩᠭᠦᠨ ᠳᠤᠶᠠᠭᠠᠨ ᠳᠤᠤᠷ᠎ᠠ
ᠰᠥ᠋ ᠰᠢᠭ᠌ ᠴᠠᠢ᠌ᠯᠭᠠᠨ ᠬᠠᠢ᠌ᠷ᠎ᠠ ᠪᠠᠷ ᠵᠠᠯᠠᠭᠤ ᠨᠠᠰᠤ ᠳᠠᠭᠤᠯᠠᠨ᠎ᠠ
ᠦᠨᠢ ᠶᠢᠨ ᠬᠤᠯᠠ ᠳᠤ ᠰᠤᠨᠤᠯᠵᠠᠬᠤ ᠭᠦᠰᠡᠯ ᠤᠨ ᠥᠷᠭᠡᠨ ᠬᠠᠷᠭᠤᠢ ᠳᠡᠭᠡᠷ᠎ᠡ
ᠣᠢ᠌ᠯᠠᠰ ᠤᠨ ᠬᠠᠳᠠᠨ ᠵᠤᠷᠢᠭ ᠶᠢᠡᠷ ᠵᠠᠯᠠᠭᠤ ᠨᠠᠰᠤ ᠳᠠᠮᠠᠤᠯᠤᠨᠠ
ᠴᠢᠮᠭᠢ ᠰᠢᠷᠤᠢ᠂ ᠰᠢᠷᠭᠡᠭ᠌ ᠡᠪᠠᠰᠤᠨ ᠡᠴᠡ ᠠᠯᠳᠠᠨ ᠤ ᠴᠢᠨᠠᠷ ᠢ ᠳᠤᠩᠭ᠋ᠠᠭᠠᠵᠤ
ᠴᠡᠯᠡᠭᠡᠷ ᠳᠠᠯ᠎ᠠ ᠶᠢᠨ ᠠᠭᠤᠳᠠᠮ ᠦᠷᠦᠴᠠᠨ ᠳᠤ ᠵᠠᠯᠠᠭᠤ ᠨᠠᠰᠤ ᠭᠢᠯᠠᠯᠵᠠᠨ᠎ᠠ
ᠠᠷᠢᠭᠤᠨ ᠮᠤᠩᠭ᠋ᠤᠯ ᠰᠦᠯᠵᠢᠶ᠎ᠠ ᠪᠠᠷ ᠳᠡᠯᠡᠭᠡᠢ ᠳᠤ ᠰᠤᠷᠠᠭ ᠨᠠᠪᠳᠠᠷᠠᠵᠤ
ᠠᠭᠳᠠ ᠶᠢᠨ ᠳᠤᠭᠤᠷᠠᠢ ᠭᠦᠷᠦᠭ᠍ᠰᠡᠨ ᠭᠠᠵᠠᠷ ᠶᠢᠡᠷ ᠵᠠᠯᠠᠭᠤ ᠨᠠᠰᠤ ᠳᠠᠪᠭᠢᠭᠤᠯᠤᠨᠠ
ᠵᠤᠬᠢᠶᠠᠭᠴᠢ ᠶᠢᠨ ᠬᠠᠶᠢᠭ ᠄ ᠣᠯᠠᠭᠠᠠᠬᠠᠳᠠ ᠬᠤᠳᠠ ᠶᠢᠨ ᠠᠷᠤ ᠬᠤᠷᠴᠢᠨ ᠬᠤᠰᠢᠭᠤᠨ ᠤ ᠬᠠᠠᠰᠦ᠋ᠮ᠎ᠡ ᠶᠡᠷᠦᠩᠭᠡᠢ ᠰᠤᠷᠭᠠᠭᠤᠯᠢ
ᠵᠤᠬᠢᠶᠠᠭᠴᠢ᠄ ᠳ᠋·ᠲᠦᠮᠡᠠᠰᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2653
ᠴᠠᠭ᠄ 2010 ᠤᠨ ᠤ 01 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ