ᠨᠡᠪᠲᠡᠷᠡᠨ ᠤᠷᠤᠬᠤ
ᠮᠤᠩᠭ᠋ᠤᠯ ᠭᠦᠮᠤᠨ ᠭᠡᠭ᠍ᠴᠢ ᠭᠡᠨ ᠪᠣᠢ

ᠮᠤᠩᠭ᠋ᠤᠯᠴᠤᠳ ᠲᠦᠪ ᠠᠽᠢᠶ᠎ᠠ ᠶᠢᠨ ᠥᠡᠳᠦᠷᠯᠢᠭ᠌ ᠲᠤ ᠡᠵᠡᠨ ᠪᠣᠯᠵᠤ᠂ ᠪᠠᠶ᠎ᠠ ᠪᠠᠨ ᠣᠯᠤᠭᠰᠠᠨ ᠴᠠᠭ ᠦᠶ᠎ᠡ ᠪᠣᠯ ᠾᠦᠩᠨᠦ ᠶᠢᠨ ᠦᠶ᠎ᠡ ᠡᠴᠡ ᠡᠭᠢᠯᠡᠵᠤ᠂ 2200 ᠭᠠᠷᠤᠢ ᠵᠢᠯ ᠪᠣᠯᠵᠤ ᠪᠠᠢ᠌ᠨ᠎ᠠ᠃ ᠾᠦᠩᠨᠦ ᠪᠣᠯ ᠭᠦᠮᠤᠨ ᠲᠦᠷᠦᠯᠭᠢᠳᠠᠨ ᠤ ᠳᠡᠦᠭᠡ ᠶᠢ ᠰᠡᠷᠭᠦᠭᠡᠭ᠍ᠰᠡᠨ ᠭᠦᠮᠦᠰ ᠭᠡᠵᠤ ᠳᠡᠯᠡᠭᠡᠢ ᠨᠠᠢ᠌ᠳᠠ ᠪᠠᠷ ᠭᠦᠯᠢᠶᠡᠨ ᠵᠥᠪᠰᠢᠶᠡᠷᠳᠡᠭ᠌ ᠪᠠᠢ᠌ᠨ᠎ᠠ᠃ ᠣᠳᠤᠬᠠᠨ᠎ᠠ ᠾᠦᠩᠨᠦ ᠶᠢᠨ ᠰᠤᠳᠤᠯᠤᠯ ᠨᠢ᠂ ᠲ᠋ᠡᠯᠡᠭᠡᠢ ᠶᠢᠨ ᠳᠡᠦᠭᠡ ᠪᠣᠯᠤᠨ ᠠᠮᠢ ᠠᠬᠤᠢ ᠶᠢᠨ ᠳᠡᠩᠴᠡᠭᠦᠷᠢ ᠶᠢᠨ ᠰᠤᠳᠤᠯᠤᠯ ᠤᠨ ᠭᠤᠤᠯ ᠵᠣᠢ᠌ᠯ ᠪᠣᠯᠤᠭᠠᠤᠨ ᠪᠠᠢ᠌ᠨ᠎ᠠ᠃ ᠮᠠᠰᠢ ᠣᠯᠠᠨ ᠣᠯᠤᠰ ᠤᠨ ᠡᠷᠳᠡᠮᠳᠡᠳ ᠾᠦᠩᠨᠦ ᠶᠢᠨ ᠳᠡᠦᠭᠡ ᠶᠢ ᠰᠤᠳᠤᠯᠵᠤ᠂ ᠾᠦᠩᠨᠦ ᠶᠢᠨ ᠣᠤᠭᠠᠯ ᠨᠤᠳᠤᠭ ᠳᠡᠭᠡᠷ᠎ᠡ ᠢᠷᠠᠵᠤ᠂ ᠮᠠᠰᠢ ᠠᠷᠪᠢᠨ ᠦᠨ᠎ᠡ ᠴᠠᠨ᠎ᠠ ᠲᠡᠶ ᠵᠣᠢ᠌ᠯ ᠢ ᠣᠯᠵᠤ ᠢᠯᠡᠷᠡᠭᠦᠯᠵᠤ ᠪᠣᠢ᠃ ᠵᠢᠱᠢᠶᠠᠯᠪᠠᠯ : 2200 ᠵᠢᠯ ᠤᠨ ᠡᠮᠦᠨ᠎ᠡ ᠾᠦᠩᠨᠦ ᠶᠢᠨ ᠭᠡᠷᠡᠭᠯᠡᠵᠤ ᠪᠠᠢ᠌ᠭᠰᠠᠨ ᠰᠢᠳᠤᠨ ᠤ ᠰᠣᠢ᠌ᠵᠠ ᠶᠢ ᠳᠠᠪᠤᠨ ᠰᠢᠷᠭᠡᠭ᠌ ᠢ ᠡᠷᠳᠡᠮᠳᠡᠳ ᠣᠯᠵᠤ ᠢᠯᠡᠷᠡᠭᠦᠯᠵᠡᠢ᠃ ᠰᠥᠢᠵᠡ ᠪᠣᠯ ᠰᠠᠶ‍ᠢᠬᠠᠨ ᠤ ᠵᠣᠢ᠌ᠯ ᠰᠢᠤ ᠳ᠋ᠡ᠃ ᠡᠷᠳᠡ ᠦᠶ᠎ᠡ ᠳᠤ ᠾᠦᠩᠨᠦ ᠶᠢᠨ ᠰᠤᠶᠤᠯ ᠭᠢᠷᠢ ᠵᠡᠷᠭᠡ ᠭᠦᠭ᠍ᠵᠢᠭ᠍ᠰᠡᠨ ᠭᠡᠳᠡᠭ᠌ ᠢ ᠡᠢ᠌ᠮᠦᠷᠭᠦ ᠵᠢᠱᠢᠶ᠎ᠠ ᠤᠳ ᠡᠴᠡ ᠮᠠᠳᠠᠵᠤ ᠪᠣᠯᠬᠤ ᠶ‍ᠦᠮ᠃ ᠡᠷᠳᠡᠨ ᠤ ᠾᠦᠩᠨᠦ ᠭᠦᠷᠤᠨ ᠤ ᠠᠭᠤᠤ ᠶᠡᠭᠡ ᠡᠭᠦᠳᠦᠯᠳᠡ ᠪᠣᠯ ᠭᠦᠮᠤᠨ ᠲᠦᠷᠦᠯᠭᠢᠳᠠᠨ ᠳ᠋ᠤ 《ᠳᠦᠷᠤ》 ᠭᠡᠳᠡᠭ᠌ ᠠᠤᠭ᠎ᠠ ᠴᠢᠳᠠᠪᠣᠷᠢ ᠶᠢ ᠪᠠᠯᠡᠭᠯᠡᠭ᠍ᠰᠡᠨ ᠪᠠᠢ᠌ᠵᠤ ᠪᠢᠯᠠ᠃ ᠠᠭᠤᠤ ᠶᠡᠭᠡ ᠰᠡᠳᠭᠢᠭ᠍ᠴᠢ ᠭᠧᠭᠧᠯ : 《ᠳᠦᠪ ᠠᠽᠢᠶ᠎ᠠ ᠶᠢᠨ ᠥᠡᠳᠦᠷᠯᠢᠭ᠌ ᠲᠤ ᠠᠵᠤ ᠲᠦᠷᠦᠵᠤ ᠪᠠᠢ᠌ᠭᠰᠠᠨ ᠨᠡᠭᠦᠳᠡᠯᠴᠢᠨ ᠠᠢ᠌ᠮᠠᠭ ᠪᠤᠯ᠂ ᠭᠦᠮᠤᠨ ᠲᠦᠷᠦᠯᠭᠢᠳᠠᠨ ᠳᠤ 〈ᠲᠦᠷᠦ ᠣᠳᠤᠷᠢᠤᠠᠬᠤ〉 ᠠᠤᠭ᠎ᠠ ᠴᠢᠳᠠᠪᠣᠷᠢ ᠶᠢ ᠪᠠᠯᠡᠭᠯᠡᠭ᠍ᠰᠡᠨ ᠠᠭᠤᠤ ᠶᠡᠭᠡ ᠠᠷᠠᠤᠨ ᠲᠦᠮᠡᠨ ᠶ‍ᠦᠮ》 ᠭᠡᠵᠤ ᠭᠡᠯᠡᠭ᠍ᠰᠡᠨ ᠪᠠᠢ᠌ᠨ᠎ᠠ᠃ ᠲᠦᠷᠦ ᠪᠠᠢ᠌ᠭᠤᠯᠤᠭᠳᠠᠭᠰᠠᠨ ᠶᠢᠡᠷ ᠠᠷᠠᠤᠨ ᠲᠦᠮᠡᠨ ᠭᠦᠴᠦᠷᠭᠡᠭ᠌ ᠪᠣᠯᠤᠭᠰᠠᠨ᠃ ᠲ᠋ᠠᠢ᠌ᠮᠤ ᠡᠴᠡ ᠮᠤᠩᠭ᠋ᠤᠯᠴᠦᠳ 《ᠳᠦᠷᠤ》 ᠭᠡᠳᠡᠭ᠌ 《ᠮᠡᠰᠢᠨ᠎ᠡ》 ᠵᠢ᠌ ᠡᠭᠦᠳᠤᠨ ᠭᠦᠮᠤᠨ ᠲᠦᠷᠦᠯᠭᠢᠳᠠᠨ ᠳᠤ ᠪᠠᠯᠡᠭᠯᠡᠭ᠍ᠰᠡᠨ ᠭᠡᠵᠤ ᠪᠢᠳᠠ ᠪᠠᠬᠠᠷᠬᠠᠬᠤ ᠶᠤᠰᠤ ᠲᠡᠶ᠃ ᠾᠦᠩᠨᠦ ᠶᠢᠨ ᠲᠦᠷᠦ ᠪᠠᠨ ᠵᠢᠯᠤᠭᠤᠤᠠᠴᠤ ᠪᠠᠢ᠌ᠭᠰᠠᠨ ᠠᠷᠭ᠎ᠠ ᠪᠠᠷᠢᠯ ᠨᠢ ᠮᠢᠩᠭ᠋ᠠᠳᠤ᠂ ᠲᠦᠮᠠᠳᠤ ᠶᠢᠨ ᠰᠢᠰᠲ᠋ᠸᠮ ᠶᠤᠮ᠃ ᠲ᠋ᠠᠳᠠ ᠲᠦᠷᠦ ᠶᠢ ᠭᠦᠡᠳᠦᠳᠭᠡᠭᠦ ᠣᠷᠠᠯᠢᠭ ᠢ ᠪᠣᠢ ᠪᠣᠯᠭᠠᠬᠤ ᠳᠠᠭᠠᠨ ᠲᠦᠷᠦ ᠶᠢᠨ ᠠᠭᠤᠤ ᠰᠥᠷᠯᠢᠭ᠌ ᠴᠢᠨᠠᠷ ᠢ ᠢᠳᠡᠭᠡᠭ᠍ᠰᠡᠨ ᠭᠦᠮᠤᠨ ᠳᠤᠰᠬᠠᠢ ᠬᠤᠪᠴᠠᠰᠤ ᠲᠡᠶ ᠪᠠᠢ᠌ᠬᠤ ᠶᠢ ᠰᠠᠨᠠᠭᠠᠴᠢᠯᠠᠨ ᠭᠢᠭ᠍ᠰᠡᠨ ᠪᠠᠢ᠌ᠨ᠎ᠠ᠃ ᠪᠢᠳᠠ 2200 ᠭᠠᠷᠤᠢ ᠵᠢᠯ ᠤᠨ ᠶᠠᠪᠣᠵᠤ ᠢᠷᠡᠭ᠍ᠰᠡᠨ ᠾᠦᠩᠨᠦ ᠶᠢᠨ ᠳᠡᠦᠭᠡ ᠪᠠᠷ ᠪᠠᠬᠠᠷᠬᠠᠵᠤ᠂ ᠲ᠋ᠠᠢ᠌ᠮᠤ ᠣᠷᠳᠤ ᠳᠡᠦᠭᠡᠨ ᠱᠠᠳᠤᠨ ᠳᠤ᠂ ᠲ᠋ᠠᠷᠠ ᠮᠠᠳᠤ ᠭᠦᠴᠦᠷᠭᠡᠭ᠌ ᠶᠠᠪᠣᠵᠤ ᠴᠢᠳᠠᠭᠰᠠᠨ ᠳᠡᠦᠭᠡ ᠶᠢ ᠰᠤᠳᠤᠯᠤᠨ ᠮᠡᠳᠡᠭᠦ ᠭᠡᠷᠡᠭ᠍ᠳᠡᠢ᠃

ᠮᠤᠩᠭ᠋ᠤᠯ ᠭᠦᠮᠤᠨ ᠭᠡᠳᠡᠭ᠌ ᠪᠣᠯ ᠲᠦᠪ ᠠᠽᠢᠶ᠎ᠠ ᠶᠢᠨ ᠥᠡᠳᠦᠷᠯᠢᠭ᠌ ᠲᠤ ᠳᠦᠷᠦᠭ᠍ᠰᠡᠨ᠂ ᠡᠷᠡᠰ ᠳᠠᠷᠰ ᠪᠠᠢ᠌ᠭᠠᠯᠢ᠂ ᠨᠡᠢ᠌ᠭᠡᠮ ᠬᠤᠶᠠᠷ ᠲᠤ ᠳᠠᠰᠤᠨ ᠵᠤᠭᠢᠴᠠᠬᠤ ᠴᠢᠳᠠᠪᠣᠷᠢ ᠲᠡᠶ ᠠᠷᠠᠤᠨ ᠲᠦᠮᠡᠨ ᠪᠣᠯᠤᠨ᠎ᠠ᠃ ᠮᠤᠩᠭ᠋ᠤᠯ ᠭᠦᠮᠤᠨ 《ᠡᠡᠷᠡᠳ ᠲᠦᠮᠡᠨ》 ᠪᠣᠯᠤᠭᠰᠠᠨ ᠨᠢᠭᠡᠨ ᠴᠢᠳᠠᠪᠣᠷᠢ ᠪᠣᠯ᠂ ᠪᠠᠢ᠌ᠭᠠᠯᠢ ᠲᠡᠶ ᠪᠠᠨ ᠳᠠᠰᠤᠨ ᠵᠤᠭᠢᠴᠠᠵᠤ ᠵᠢᠯ ᠤᠨ ᠳᠦᠷᠪᠡᠨ ᠣᠯᠠᠷᠢᠯ ᠳᠤ ᠨᠡᠭᠦᠳᠡᠯ ᠮᠠᠯᠵᠢᠯ ᠠᠮᠢᠳᠤᠷᠠᠯ ᠶᠢᠡᠷ ᠠᠮᠢᠳᠤᠷᠠᠵᠤ ᠪᠠᠢ᠌ᠭᠰᠠᠨ ᠪᠣᠯᠬᠤᠷ ᠣᠳᠤ ᠪᠣᠯᠳᠠᠯ᠎ᠠ ᠪᠠᠶᠠᠨ ᠭᠦᠴᠦᠷᠭᠡᠭ᠌ ᠡᠡᠮᠢᠳᠦᠷᠡᠵᠤ᠂ ᠮᠥᠭᠦᠭ᠍ᠰᠡᠨ ᠦᠭᠡᠶ ᠪᠠᠢ᠌ᠨ᠎ᠠ᠃

ᠣᠳᠤᠬᠠᠨ ᠳ᠋ᠤ ᠲ᠋ᠡᠯᠡᠭᠡᠢ ᠨᠠᠢ᠌ᠳᠠ ᠪᠠᠷ ᠶᠢᠡᠨ ᠮᠤᠩᠭ᠋ᠤᠯ ᠤᠨ ᠣᠷᠳᠤ ᠶᠢᠨ ᠳᠡᠭᠦᠤ᠂ ᠭᠦᠭᠡᠮᠡᠢ᠂ ᠨᠡᠭᠦᠳᠡᠯ ᠮᠠᠯᠵᠢᠯ ᠰᠤᠶᠤᠯ᠂ ᠠᠵᠤ ᠳᠦᠷᠦᠭᠦ ᠶᠢ ᠰᠤᠳᠤᠯᠵᠤ ᠪᠠᠢ᠌ᠨ᠎ᠠ᠃ ᠮᠤᠩᠭ᠋ᠤᠯᠴᠤᠳ ᠤᠨ ᠮᠠᠯ ᠮᠠᠯᠵᠢᠬᠤ ᠣᠬᠠᠭᠠᠨ ᠪᠣᠯ ᠨᠢᠭᠡᠨ ᠠᠭᠤᠤ ᠰᠤᠶᠤᠯ᠂ ᠠᠭᠤᠤ ᠣᠬᠠᠭᠠᠨ ᠶ‍ᠦᠮ᠃ ᠲ᠋ᠡᠭᠦᠨ ᠳᠤ ᠪᠠᠢ᠌ᠭᠠᠯᠢ ᠲᠡᠶ ᠪᠠᠨ ᠵᠤᠭᠢᠴᠡᠬᠤ᠂ ᠲ᠋ᠡᠭ᠍ᠷᠢ ᠲᠡᠶ ᠪᠠᠨ ᠵᠤᠭᠢᠴᠠᠬᠤ ᠨᠠᠷᠢᠨ ᠵᠣᠢ᠌ᠯ ᠪᠠᠢ᠌ᠳᠠᠭ᠃ ᠮᠤᠩᠭ᠋ᠤᠯᠴᠤᠳ ᠳᠡᠭ᠍ᠷᠢ ᠲᠡᠶ ᠪᠠᠨ ᠵᠤᠭᠢᠴᠠᠬᠤ ᠶᠢᠨ ᠳᠦᠯᠦᠭᠡ᠂ ᠲ᠋ᠡᠭ᠍ᠷᠢ ᠶᠢᠨ ᠪᠠᠢ᠌ᠳᠠᠯ ᠢ ᠠᠵᠢᠭᠯᠠᠨ᠂ ᠭᠡᠷᠭᠢᠨ ᠵᠤᠭᠢᠴᠡᠬᠤ᠂ ᠭᠡᠷᠭᠢᠨ ᠥᠭᠡᠷᠡᠴᠢᠯᠡᠭᠦ ᠪᠠᠨ ᠰᠢᠠᠵᠢᠵᠤ ᠮᠠᠰᠢ ᠣᠯᠠᠨ ᠰᠢᠡᠵᠢᠯᠡᠭᠦ ᠣᠬᠠᠭᠠᠨ ᠤ ᠦᠨᠳᠦᠰᠦᠯᠠᠯ ᠪᠦᠭᠦᠢ ᠠᠷᠭ᠎ᠠ ᠪᠠᠷᠢᠯ ᠢ ᠣᠯᠤᠭᠰᠠᠨ ᠪᠠᠢ᠌ᠳᠠᠭ᠃ ᠴᠢᠩᠭᠢᠰ ᠬᠠᠭᠠᠨ᠂ ᠮᠥᠩᠭᠡ ᠭᠦᠭᠡ ᠳᠡᠭ᠍ᠷᠢ ᠶᠢ ᠦᠪᠡᠷ ᠤᠨ ᠳᠡᠭᠡᠳᠤ ᠰᠢᠳᠦᠭᠡᠨ ᠪᠣᠯᠭᠠᠨ ᠰᠢᠳᠤᠵᠤ ᠳᠠᠭᠢᠵᠤ ᠶᠠᠪᠣᠳᠠᠭ ᠡᠴᠡ᠂ ᠮᠤᠩᠭ᠋ᠤᠯᠴᠤᠳ ᠮᠥᠩᠭᠡ ᠭᠦᠭᠡ ᠳᠡᠭ᠍ᠷᠢ ᠰᠢᠭ᠌ ᠣᠬᠠᠭᠠᠨ ᠰᠡᠳᠭᠢᠯ ᠲᠡᠶ ᠭᠦᠮᠦᠰ ᠪᠣᠯᠤᠨ ᠭᠦᠭ᠍ᠵᠢᠭ᠍ᠰᠡᠨ ᠭᠡᠵᠤ ᠭᠡᠯᠡᠵᠤ ᠪᠣᠯᠤᠨ᠎ᠠ᠃ ᠰᠠᠠᠰᠠᠷ ᠤᠨ ᠰᠤᠳᠤᠯᠭᠠᠨ ᠤ ᠡᠷᠳᠡᠮᠳᠡᠨ ᠪᠠ᠊·ᠰᠸᠵᠤᠷᠧᠰᠺ : ᠮᠤᠩᠭ᠋ᠤᠯᠴᠤᠳ ᠪᠣᠯ ᠳᠡᠭ᠍ᠷᠢ ᠶᠢᠨ ᠠᠶ᠎ᠠ ᠡᠪ ᠶᠢᠠᠷ ᠡᠡᠮᠢᠳᠦᠷᠡᠵᠤ᠂ ᠲ᠋ᠡᠭ᠍ᠷᠢ ᠶᠢᠨ ᠵᠠᠩ ᠠᠷᠠᠠᠰᠢᠨ ᠢ ᠰᠤᠳᠤᠯᠤᠭᠰᠠᠨ᠂ ᠲ᠋ᠡᠭ᠍ᠷᠢ ᠶᠢᠨ ᠭᠡᠷᠭᠢᠨ ᠬᠤᠪᠢᠷᠠᠬᠤ ᠶᠢ ᠨᠢ ᠰᠤᠳᠤᠯᠵᠤ ᠮᠡᠳᠡᠳᠡᠭ᠌ ᠠᠷᠠᠤᠨ ᠲᠦᠮᠡᠨ ᠶᠤᠮ᠃ ᠮᠤᠩᠭ᠋ᠤᠯᠴᠤᠳ ᠪᠠᠢ᠌ᠭᠠᠯᠢ ᠲᠡᠶ ᠪᠠᠨ ᠵᠤᠭᠢᠴᠠᠬᠤ ᠴᠢᠳᠠᠪᠣᠷᠢ ᠶᠢ ᠪᠠᠳᠤᠯᠠᠭᠰᠠᠨ ᠭᠦᠮᠤᠨ ᠪᠣᠯ 18 ᠰᠠᠷ᠎ᠠ ᠶᠢᠨ ᠬᠤᠭᠤᠴᠠᠭᠠᠨ ᠳᠤ ᠧᠦ᠋ᠷᠰᠺᠢ ᠶᠢᠨ ᠣᠷᠭᠢᠯ ᠳᠤ ᠬᠤᠶᠠᠷ ᠣᠳᠠᠭ᠎ᠠ ᠭᠠᠷᠤᠭᠰᠠᠨ᠂ ᠠᠭᠤᠯᠠ ᠠᠪᠢᠷᠠᠭᠴᠢ ᠭᠠᠪᠢᠶᠠᠳᠤ ᠳᠠᠮᠢᠷᠴᠢᠨ ᠰ·ᠥᠰᠭᠦᠪᠠᠶᠡᠷ ᠪᠣᠯᠤᠨ᠎ᠠ᠁》 ᠭᠡᠵᠢ᠃ ᠭᠧᠷᠮᠡᠨ ᠤ ᠡᠷᠳᠡᠮᠳᠡᠨ ᠹᠤᠺᠲ᠋ᠤᠰ : 《᠁ ᠮᠤᠩᠭ᠋ᠤᠯᠴᠤᠳ ᠤᠨ ᠣᠭᠤᠷᠠᠭ ᠳᠠᠷᠢᠭᠢ ᠶᠢᠨ ᠴᠢᠳᠠᠪᠣᠷᠢ ᠳᠡᠯᠡᠭᠡᠢ ᠳᠤ 21 ᠳ᠋ᠦᠭᠡᠷ ᠪᠠᠢ᠌ᠷᠢ ᠳᠤ ᠵᠢᠭᠰᠠᠭᠠᠭᠳᠠᠬᠤ ᠪᠣᠯᠤᠨ᠎ᠠ᠂᠂》 ᠭᠡᠵᠤ ᠭᠡᠯᠡᠭ᠍ᠰᠡᠨ ᠶᠤᠮ᠃ ᠮᠠᠨ ᠤ ᠮᠤᠩᠭ᠋ᠤᠯ ᠭᠡᠯᠡᠨ ᠤ ᠣᠢ᠌ᠯᠠ ᠥᠭᠡ ᠣᠯᠠᠨ ᠲᠡᠶ ᠪᠠᠢ᠌ᠳᠠᠭ ᠤᠨ ᠣᠴᠢᠷ ᠡᠴᠡ᠂ ᠮᠤᠩᠭ᠋ᠤᠯᠴᠤᠳ ᠤᠨ ᠰᠡᠳᠭᠢᠯ ᠤᠨ ᠴᠠᠷ᠎ᠠ ᠭᠦᠷᠢᠶ᠎ᠡ ᠥᠷᠭᠡᠨ ᠪᠠᠢ᠌ᠳᠠᠭ᠃ ᠪᠢᠳᠠ ᠦᠨᠳᠦᠰᠦᠳᠠᠨ ᠤ ᠪᠠᠨ ᠳᠡᠦᠭᠡ ᠰᠤᠶᠤᠯ ᠤᠨ ᠳᠤᠬᠠᠢ ᠨᠤᠮ ᠵᠤᠬᠢᠶᠠᠯ ᠤᠳ ᠢ ᠥᠷᠭᠦᠯᠵᠢ ᠤᠩᠰᠢᠵᠤ᠂ ᠰᠤᠳᠦᠯᠵᠤ᠂ ᠤᠬᠠᠭᠠᠷᠠᠵᠤ᠂ ᠡᠷᠭᠢᠴᠡᠭᠦᠯᠵᠤ ᠪᠠᠢ᠌ᠬᠤ ᠭᠡᠷᠡᠭ᠍ᠳᠡᠢ᠃ ᠮᠤᠩᠭ᠋ᠤᠯ ᠭᠦᠮᠤᠨ ᠭᠡᠨ ᠭᠡᠳᠡᠭ᠌ ᠶᠢᠡᠨ ᠮᠡᠳᠡᠭᠦ ᠴᠢᠬᠤᠯᠠ ᠲᠡᠶ᠃


(ᠡᠷᠳᠡᠮᠳᠡᠨ ᠯ·ᠨᠢᠮ᠎ᠠ ᠶᠢᠨ ᠶᠠᠷᠶᠠᠨ ᠡᠴᠡ ᠳᠤᠪᠴᠢᠯᠠᠨ ᠨᠠᠢ᠌ᠷᠠᠭᠤᠯᠵᠤ ᠭᠦᠷᠪᠠᠭᠦᠯᠪᠡ)

ᠵᠤᠬᠢᠶᠠᠭᠴᠢ᠄ ᠯ·ᠨᠢᠮ᠎ᠠ
ᠢᠷᠡᠯᠲᠡ᠄ ᠥᠭᠡᠯᠡᠳ ᠭᠠᠯᠳᠠᠨ
ᠬᠠᠷᠢᠶ᠎ᠠ᠄ ᠮᠤᠩᠭᠤᠯ ᠲᠡᠦᠬᠡ
ᠳᠠᠷᠤᠮ᠄ 16357
ᠴᠠᠭ᠄ 2009 ᠤᠨ ᠤ 02 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ