☆ ᠪᠠ᠊·ᠨᠡᠭᠦᠳᠡᠯᠴᠢ
ᠬᠤᠯᠤᠭᠠᠨ᠎ᠠ ᠶᠢᠨ ᠮᠠᠭᠳᠠᠭᠠᠯ
ᠰᠤᠮᠤᠨ ᠤ ᠠᠷᠤ ᠶᠢᠨ ᠭᠦᠮᠦᠷᠭᠡ ᠳᠤ
ᠬᠤᠯᠤᠭᠠᠨ᠎ᠠ ᠶᠡᠭᠡ ᠭᠡᠵᠤ ᠳᠤᠭᠤᠯᠤᠭᠰᠠᠨ
ᠰᠤᠴᠢᠶᠠ ᠨᠢ ᠭᠠᠷᠤᠭᠰᠠᠨ ᠠᠮᠢᠳᠠᠨ ᠤ
ᠰᠤᠷᠳᠤᠭᠤ ᠨᠢ ᠶᠡᠭᠡ ᠭᠡᠵᠤ ᠰᠤᠨᠤᠰᠤᠭᠰᠠᠨ
ᠰᠤᠬᠤᠷ ᠮᠤᠤᠷ ᠪᠠᠢ᠌ᠳᠤᠭᠠᠢ
ᠰᠤᠮᠤ ᠲᠡᠶ ᠮᠤᠤᠷ ᠡᠴᠡ ᠴᠤ ᠠᠶᠤᠬᠤ ᠦᠭᠡᠶ
ᠰᠤᠪᠤᠨ ᠴᠤᠪᠤᠨ ᠭᠡᠯᠭᠢᠶᠡᠷᠡᠵᠤ
ᠰᠤᠭᠳᠤᠭᠤᠷᠠᠵᠤ ᠶᠠᠪᠣᠬᠤ ᠶᠢ ᠴᠤ ᠥᠵᠡᠭ᠍ᠰᠡᠨ
ᠠᠮᠢᠳᠠᠨ ᠤ ᠪᠠᠭ᠎ᠠ ᠨᠢ ᠬᠤᠤᠷᠳᠠᠢ ᠭᠡᠵᠤ
ᠠᠷᠪᠠᠨ ᠬᠤᠶᠠᠷ ᠵᠢᠯ ᠳᠤ ᠳᠡᠷᠢᠭᠦᠯᠡᠭ᠍ᠰᠡᠨ
ᠠᠮᠳᠠᠨ ᠤ ᠣᠭᠢ ᠶᠢ ᠡᠳ᠋ᠯᠡᠨ᠎ᠡ ᠭᠡᠵᠤ
ᠠᠯᠪᠠᠨ ᠤ ᠭᠦᠮᠦᠷᠭᠡ ᠳᠤ ᠰᠢᠷᠭᠤᠭᠰᠠᠨ
ᠠᠳᠬᠤᠨ ᠴᠢᠨᠡᠭᠡᠨ ᠵᠢᠵᠢᠭ᠌ ᠴᠤ
ᠠᠶ᠎ᠠ᠂ ᠳᠠᠷᠠ ᠬᠤᠯᠤᠭᠠᠨ᠎ᠠ
ᠠᠪᠬᠤ ᠶᠢᠨ ᠡᠷᠳᠡᠮ ᠳᠤ ᠴᠠᠭᠠᠷᠠᠭᠰᠠᠨ
ᠠᠵᠠ ᠲᠡᠶ ᠳᠠᠷᠠ ᠬᠤᠯᠤᠭᠠᠨ᠎ᠠ
ᠬᠤᠤᠷ ᠲᠡᠶ ᠢᠳᠡᠭᠡᠨ ᠢᠳᠠᠪᠠᠴᠤ
ᠬᠤᠷᠤᠬᠠᠢ ᠭᠦᠭᠡᠭ᠍ᠰᠡᠨ ᠳᠠᠳᠤᠢ
ᠬᠤᠨᠤᠭ ᠶᠢᠡᠷ ᠬᠠᠪᠬᠠᠨ ᠳᠤ ᠣᠨᠠᠪᠠᠴᠤ
ᠬᠤᠶᠠᠩ ᠳᠠᠷᠬᠠᠭᠠᠭᠰᠠᠨ ᠳᠠᠳᠤᠢ
ᠬᠤᠯᠠ ᠶᠢᠨ ᠶᠢᠡᠨ ᠵᠠᠮ ᠳᠠᠭᠠᠨ
ᠨᠥᠭᠦᠷ ᠲᠡᠶ ᠳᠠᠷᠠ ᠬᠤᠯᠤᠭᠠᠨ᠎ᠠ
ᠬᠣᠢ᠌ᠴᠢ ᠦᠶ᠎ᠡ ᠳᠡᠭᠡᠨ ᠪᠣᠯᠪᠠᠯ
ᠨᠥᠭᠡᠴᠡ ᠲᠡᠶ ᠳᠠᠷᠠ ᠬᠤᠯᠤᠭᠠᠨ᠎ᠠ
ᠡᠪᠦᠯ ᠤᠨ ᠶᠢᠡᠨ ᠭᠦᠢᠳᠡᠨ ᠳᠤ
ᠢᠴᠡᠭᠡᠯᠡᠭᠦ ᠴᠤ ᠦᠭᠡᠶ ᠬᠤᠯᠤᠭᠠᠨ᠎ᠠ
ᠡᠪᠠᠰᠤᠨ ᠦᠷ᠎ᠡ ᠴᠤᠭᠯᠠᠭᠤᠯᠵᠤ
ᠶᠠᠳᠠᠷᠠᠬᠤ ᠴᠤ ᠦᠭᠡᠶ ᠬᠤᠯᠤᠭᠠᠨ᠎ᠠ
ᠥᠭᠡᠷ ᠤᠨ ᠡᠪᠠᠷ ᠳᠡᠭᠡᠷ᠎ᠡ ᠪᠣᠯᠪᠠᠴᠤ
ᠰᠠᠭᠤᠴᠢᠬᠠᠮᠠᠷ ᠬᠤᠯᠤᠭᠠᠨ᠎ᠠ
ᠥᠰᠦᠭ᠌ ᠲᠡᠶ ᠴᠠᠭᠠᠰᠤ ᠶᠢ ᠪᠣᠯᠪᠠᠴᠤ
ᠪᠠᠷᠢᠴᠢᠬᠠᠮᠠᠷ ᠬᠤᠯᠤᠭᠠᠨ᠎ᠠ
ᠳᠡᠭᠡᠷ᠎ᠡ ᠡᠴᠡ ᠢᠷᠡᠭ᠍ᠰᠡᠨ ᠨᠤᠶᠠᠤᠨ ᠢ
ᠥᠨᠦᠰᠦᠴᠢᠭᠡᠮᠡᠷ ᠬᠤᠯᠤᠭᠠᠨ᠎ᠠ
ᠳᠡᠷᠭᠡᠳᠡ ᠪᠠᠢ᠌ᠭ᠎ᠠ ᠨᠢᠭᠡ ᠲᠡᠶ ᠪᠠᠨ
ᠥᠵᠡᠯᠴᠡᠴᠢᠭᠡᠮᠡᠷ ᠬᠤᠯᠤᠭᠠᠨ᠎ᠠ
ᠳᠤᠷ᠎ᠠ ᠨᠢ ᠳᠠᠭᠠᠷᠠᠭᠰᠠᠨ ᠦᠶ᠎ᠡ ᠳᠤ
ᠳᠠᠭᠤᠯᠠᠴᠢᠬᠠᠮᠠᠷ ᠬᠤᠯᠤᠭᠠᠨ᠎ᠠ
ᠳᠤᠬᠤ ᠨᠢ ᠡᠪᠠᠳᠦᠭ᠍ᠰᠡᠨ ᠦᠶ᠎ᠡ ᠳᠤ
ᠳᠤᠭᠰᠢᠷᠠᠴᠢᠬᠠᠮᠠᠷ ᠬᠤᠯᠤᠭᠠᠨ᠎ᠠ
ᠶᠡᠭᠡ ᠳᠤᠯᠤᠯᠳᠤᠭᠠᠨ ᠢ ᠪᠣᠯᠪᠠᠴᠤ
ᠵᠢᠯᠤᠭᠤᠳᠤᠴᠢᠬᠠᠮᠠᠷ ᠬᠤᠯᠤᠭᠠᠨ᠎ᠠ
ᠢᠷᠡᠭ᠍ᠰᠡᠨ ᠵᠤᠭᠤᠰ ᠢ ᠨᠢ ᠪᠣᠯᠪᠠᠴᠤ
ᠵᠠᠯᠭᠢᠴᠢᠬᠠᠮᠠᠷ ᠬᠤᠯᠤᠭᠠᠨ᠎ᠠ
ᠡᠯᠵᠢᠭᠡ ᠭᠠᠬᠠᠢ ᠶᠢ ᠪᠣᠯᠪᠠᠴᠤ
ᠬᠤᠷᠢᠭᠤᠯᠴᠢᠬᠠᠮᠠᠷ ᠬᠤᠯᠤᠭᠠᠨ᠎ᠠ
ᠡ᠊ᠨᠳᠡᠭᠦᠷᠡᠭᠡᠳ ᠳᠠᠯᠪᠢᠭᠰᠠᠨ ᠢ ᠨᠢ ᠪᠣᠯᠪᠠᠯ
ᠪᠠᠷᠢᠴᠢᠬᠠᠮᠠᠷ ᠬᠤᠯᠤᠭᠠᠨ᠎ᠠ
ᠬᠤᠯᠤᠭᠠᠨ᠎ᠠ ᠶᠢᠨ ᠶᠢᠡᠨ ᠳᠤᠳᠤᠷ᠎ᠠ
ᠬᠤᠪᠢ ᠲᠡᠶ ᠳᠦᠷᠦᠭ᠍ᠰᠡᠨ ᠬᠤᠯᠤᠭᠠᠨ᠎ᠠ
ᠬᠤᠩᠬᠤ ᠲᠡᠶ ᠮᠤᠤᠷ ᠤᠨ ᠡᠮᠦᠨ᠎ᠡ
ᠬᠤᠪᠢᠯᠭᠠᠨ ᠰᠢᠭ ᠬᠤᠯᠤᠭᠠᠨ᠎ᠠ
ᠬᠤᠯᠤᠭᠠᠨ᠎ᠠ ᠶᠢᠨ ᠳᠤᠬᠠᠢ ᠰᠢᠯᠦᠭ᠌ ᠢ
ᠬᠤᠯᠪᠣᠵᠤ ᠪᠢᠴᠢᠭᠦ ᠳᠤ ᠠᠮᠠᠷᠬᠠᠨ ᠴᠤ
ᠬᠤᠯᠤᠭᠠᠨ᠎ᠠ ᠰᠢᠭ ᠭᠦᠮᠦᠰ ᠢ ᠬᠠᠷᠢᠨ
ᠬᠤᠪᠢᠷᠠᠭᠤᠯᠵᠤ ᠠᠪᠬᠤ ᠳᠤ ᠭᠢᠯᠪᠠᠷ ᠦᠭᠡᠶ᠃
ᠵᠤᠬᠢᠶᠠᠭᠴᠢ᠄ ᠪᠠ᠊·ᠨᠡᠭᠦᠳᠡᠯᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2638
ᠴᠠᠭ᠄ 2009 ᠤᠨ ᠤ 03 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ