ᠨᠡᠪᠲᠡᠷᠡᠨ ᠤᠷᠤᠬᠤ
ᠡᠵᠢ ᠶᠢᠨ ᠮᠢᠨᠢ ᠪᠦᠭ᠍ᠳᠦᠷ ᠨᠢᠷᠤᠭᠤ

    ᠨᠢᠭᠡ

ᠨᠠᠮ᠎ᠠ ᠶᠢ ᠮᠡᠳᠡᠭᠡ ᠣᠷᠤᠬᠤ ᠶᠢᠨ ᠦᠶ᠎ᠡ ᠳᠤ ᠡᠵᠢ ᠮᠢᠨᠢ ᠠᠰᠬᠠᠨ ᠰᠠᠢ᠌ᠬᠠᠨ ᠨᠢᠷᠤᠭᠤ ᠲᠡᠶ᠂ ᠠᠯᠳᠠ ᠣᠷᠳᠤ ᠭᠡᠵᠢᠭᠡ ᠲᠡᠶ ᠠᠢ᠌ᠯ ᠤᠨ ᠭᠦᠭᠡᠷᠦᠭᠦᠨ ᠪᠦᠰᠡᠭᠦᠢ ᠪᠠᠢ᠌ᠭᠰᠠᠨ᠃ ᠠᠩᠭ᠋ᠠᠬᠠᠢ ᠰᠢᠭ ᠠᠩᠭ᠋ᠠᠯᠵᠠᠵᠤ ᠳᠡᠭ᠍ᠳᠡᠭᠡᠭᠡᠢ ᠰᠢᠭ᠌ ᠳᠡᠷᠪᠠᠯᠵᠡᠭ᠍ᠰᠡᠨ ᠬᠡᠦᠬᠡᠳ ᠲᠡᠭᠡᠨ ᠡᠵᠢ ᠮᠢᠨᠢ ᠳᠠᠷᠠ ᠦᠶᠡᠰ ᠬᠠᠳᠠ ᠠᠭᠤᠯᠠ ᠰᠢᠭ ᠳᠦᠰᠢᠭ᠌ ᠬᠠᠳᠤᠨ ᠭᠤᠤᠯ ᠰᠢᠭ ᠥᠮᠦᠭ᠌᠂ ᠥᠭᠡᠢ᠌ᠭᠦᠷᠡᠰᠢ ᠦᠭᠡᠶ ᠪᠠᠶᠠᠨ᠂ ᠦᠳᠡᠯᠤᠰᠢ ᠦᠭᠡᠶ ᠵᠠᠯᠠᠭᠤ ᠬᠠᠷᠠᠭᠳᠠᠵᠤ ᠪᠠᠢ᠌ᠭᠰᠠᠨ ᠳ᠋ᠠ᠃

    ᠬᠤᠶᠠᠷ

ᠬᠠᠪᠣᠷ ᠤᠨ ᠬᠠᠪᠣᠷ ᠲᠠᠭᠠᠨ《ᠦᠷ᠎ᠡ ᠵᠢᠮᠢᠰ ᠰᠠᠭᠤᠯᠭᠠᠨ᠎ᠠ》 ᠭᠡᠰᠡᠨ ᠭᠦᠰᠡᠯ ᠳᠡᠭᠡᠨ ᠭᠦᠳᠦᠯᠦᠭ᠍ᠳᠡᠨ᠂ 《ᠡᠯᠪᠠᠭ᠌ ᠬᠤᠷᠢᠶᠠᠨ᠎ᠠ》 ᠭᠡᠰᠡᠨ ᠢᠳᠡᠭᠡᠯ ᠳᠡᠭᠡᠨ ᠠᠷᠭᠠᠮᠵᠢᠭᠳᠠᠵᠤ᠂ ᠬᠠᠷ᠎ᠠ ᠰᠠᠯᠭᠢᠨ ᠡᠴᠠ ᠬᠠᠯᠢᠷᠠᠬᠤ ᠦᠭᠡᠶ᠂ ᠬᠠᠵᠢᠭ ᠰᠢᠭᠤᠷᠭ᠎ᠠ ᠡᠴᠠ ᠰᠦᠷᠳᠡᠭᠦ ᠦᠭᠡᠶ᠂ ᠵᠤᠷᠬ᠎ᠠ ᠶᠢᠨ ᠭᠤᠤ ᠳᠤ ᠪᠠᠨ ᠳᠠᠷᠢᠶ᠎ᠠ ᠪᠠᠨ ᠳᠠᠷᠢᠭᠰᠠᠭᠠᠷ᠂ ᠦᠷ᠎ᠡ ᠪᠠᠨ ᠬᠠᠶᠠᠭᠰᠡᠭᠠᠷ᠂ ᠭᠦᠰᠡᠯᠡᠩ ᠶᠢᠡᠨ ᠰᠠᠴᠤᠭᠰᠡᠭᠠᠷ᠂ ᠢᠳᠡᠭᠡᠯ ᠶᠢᠡᠨ ᠪᠠᠷᠠᠯᠠᠭᠰᠠᠭᠠᠷ ᠡᠵᠢ ᠶᠢᠨ ᠮᠢᠨᠢ ᠨᠢᠷᠤᠭᠤ ᠠᠠᠵᠢᠰᠤᠨ ᠪᠦᠭᠦ ᠪᠠᠨ ᠰᠢᠭ᠌ ᠪᠦᠭ᠍ᠳᠦᠭᠡᠷ ᠪᠣᠯᠴᠢᠬᠠᠵᠠᠢ᠃

    ᠭᠤᠷᠪᠠ

ᠵᠤᠨ ᠤ ᠬᠠᠯᠠᠭᠤᠨ ᠳᠠᠭᠠᠨ ᠬᠠᠪᠣᠷ ᠤᠨ ᠰᠤᠶᠤᠭᠠᠯᠠᠭᠰᠠᠨ ᠳᠠᠷᠢᠶᠠᠨ ᠴᠢᠭᠢ ᠪᠠᠨ《ᠪᠣᠤ ᠯᠠ ᠭᠠᠩᠳᠠᠭᠠᠶ᠎ᠠ》᠂ 《ᠪᠣᠤ ᠯᠠ ᠪᠣᠵᠠᠷᠳᠠᠭᠤᠯᠤᠶ᠎ᠠ》 ᠭᠡᠵᠤ ᠭᠤᠤᠯ ᠤᠨ ᠣᠰᠤ ᠬᠠᠳᠠᠵᠤ᠂ ᠭᠤᠤᠯ ᠤᠨ ᠳᠤᠰᠤ ᠰᠢᠷᠭᠢᠮ᠎ᠠ ᠭᠠᠯ ᠬᠠᠯᠠᠭᠤᠨ ᠨᠠᠷᠠᠨ ᠳᠤ ᠳᠠᠷᠢᠶ᠎ᠠ ᠪᠠᠨ ᠣᠰᠤᠯᠠᠵᠤ᠂ ᠡᠪᠠᠰᠤ ᠦᠯᠤᠩ ᠢ ᠨᠢ ᠠᠷᠴᠢᠨ ᠠᠷᠢᠯᠭᠠᠵᠤ᠂ ᠭᠦᠰᠡᠯᠡᠩ ᠶᠢᠡᠨ ᠭᠦᠪᠴᠢᠯᠡᠵᠤ᠂ ᠵᠤᠷᠢᠭ ᠶᠢᠡᠨ ᠡᠷᠴᠢᠯᠡᠭ᠍ᠰᠡᠭᠡᠷ ᠡᠵᠢ ᠶᠢᠨ ᠮᠢᠨᠢ ᠨᠢᠷᠤᠭᠤ ᠠᠷᠴᠢᠭᠤᠷ ᠤᠨ ᠭᠤᠬ᠎ᠠ ᠪᠠᠨ ᠰᠢᠭ ᠪᠦᠭ᠍ᠳᠦᠭᠡᠷ ᠪᠣᠯᠴᠢᠬᠠᠵᠠᠢ᠃

    ᠳᠦᠷᠪᠠ

ᠨᠠᠮᠤᠷ ᠤᠨ ᠨᠠᠮᠤᠷ ᠲᠠᠭᠠᠨ 《ᠬᠠᠪᠣᠷ ᠤᠨ ᠳᠠᠷᠢᠭᠰᠠᠨ ᠭᠦᠰᠡᠯ ᠶᠤᠮ ᠡ》᠂ 《ᠵᠤᠨ ᠤ ᠠᠷᠴᠢᠭᠰᠠᠨ ᠵᠤᠷᠢᠭ ᠶᠤᠮ ᠡ》 ᠭᠡᠵᠤ ᠨᠠᠠᠳᠢᠩᠨᠠᠨ ᠬᠠᠢ᠌ᠷᠠᠯᠠᠵᠤ᠂ ᠪᠣᠰᠤᠳ ᠡᠴᠠ ᠬᠤᠴᠤᠷᠬᠤ ᠦᠭᠡᠶ᠂ ᠭᠡᠭᠡᠭ᠍ᠳᠡᠭᠦᠯᠤᠨ ᠣᠷᠭᠢᠭᠳᠠᠭᠤᠯᠬᠤ ᠦᠭᠡᠶ ᠪᠠᠷ ᠴᠠᠭ ᠮᠦᠴᠡ ᠲᠡᠶ ᠣᠷᠤᠯᠳᠤᠨ᠂ ᠦᠷᠯᠦᠭᠡ ᠦᠳᠡᠰᠢ ᠲᠡᠶ ᠳᠠᠮᠠᠴᠠᠨ ᠳᠠᠷᠢᠶ᠎ᠠ ᠪᠠᠨ ᠬᠠᠳᠤᠭᠰᠠᠭᠠᠷ᠂ ᠲᠦᠮᠦᠰᠦ ᠪᠠᠨ ᠬᠤᠷᠢᠶᠠᠭᠰᠠᠭᠠᠷ᠂ ᠭᠦᠰᠡᠯᠡᠩ ᠤᠨ ᠦᠷ᠎ᠡ ᠪᠠᠨ ᠬᠤᠮᠢᠭᠰᠠᠭᠠᠷ᠂ ᠰᠡᠳᠭᠢᠯ ᠤᠨ ᠵᠢᠮᠢᠰ ᠶᠢᠡᠨ ᠳᠡᠭᠦᠭ᠍ᠰᠡᠭᠡᠷ ᠡᠵᠢ ᠶᠢᠨ ᠮᠢᠨᠢ ᠨᠢᠷᠤᠭᠤ ᠮᠠᠭᠢᠷ ᠬᠠᠳᠤᠭᠤᠷ ᠶᠢᠡᠨ ᠰᠢᠭ ᠪᠦᠭ᠍ᠳᠦᠭᠡᠷ ᠪᠣᠯᠴᠢᠬᠠᠵᠠᠢ᠃

    ᠳᠠᠪᠣ

ᠡᠪᠦᠯ ᠤᠨ ᠭᠦᠢᠳᠡᠨ ᠳᠡᠭᠡᠨ 《ᠦᠳᠦᠷᠮ᠎ᠠ ᠳᠤ ᠣᠷᠤᠭᠰᠠᠨ ᠪᠣᠳᠠᠭ᠎ᠠ ᠮᠢᠨᠢ ᠦᠨᠳᠦᠷ ᠦᠨ᠎ᠡ ᠭᠦᠷᠳᠡᠭ᠌ ᠪᠢᠯᠠ ᠦᠦ ︖》᠂ 《ᠠᠵᠢᠯ ᠶᠢᠡᠷ ᠶᠠᠪᠣᠭᠰᠠᠨ ᠬᠡᠦᠬᠡᠳ ᠮᠢᠨᠢ ᠠᠮᠠᠷᠠᠭᠠᠤᠨ ᠭᠡᠵᠢᠶ᠎ᠡ ᠢᠷᠡᠳᠡᠭ᠌ ᠪᠢᠯᠠ ᠦᠦ ︖》 ᠭᠡᠵᠤ ᠬᠣᠢ᠌ᠨ᠎ᠠ ᠡᠴᠠ ᠬᠠᠤᠭᠢᠬᠤ ᠭᠦᠢᠳᠡᠨ ᠰᠠᠯᠭᠢᠨ ᠳᠤ᠂ ᠳᠡᠭᠡᠷ᠎ᠡ ᠡᠴᠠ ᠬᠠᠶᠠᠯᠠᠭᠰᠠᠨ ᠵᠤᠵᠠᠭᠠᠨ ᠴᠠᠰᠤᠨ ᠳᠤ ᠭᠢᠰᠠ ᠪᠠᠨ ᠲᠦᠯᠠᠵᠤ ᠬᠠᠠᠵᠤ ᠪᠠᠨ ᠳᠤᠯᠠᠭᠠᠯᠠᠭᠰᠠᠭᠠᠷ᠂ ᠴᠤᠩᠬᠤ ᠨᠠᠯᠠᠵᠤ ᠰᠠᠷᠠᠪᠴᠢᠯᠠᠨ ᠪᠠᠷᠠᠯᠠᠭᠰᠠᠭᠠᠷ᠂ ᠦᠷᠯᠦᠭᠡ ᠶᠢᠨ ᠬᠤᠭᠤᠯᠠᠨ ᠳᠠᠭᠠᠨ ᠥᠭᠡᠢ᠌ᠯᠡᠨ ᠳᠤᠷᠠᠰᠤᠭᠰᠠᠭᠠᠷ᠂ ᠦᠳᠡᠰᠢ ᠶᠢᠨ ᠭᠦᠨ ᠳᠤ ᠪᠠᠨ ᠨᠣᠢ᠌ᠷ ᠦᠭᠡᠶ ᠪᠣᠳᠤᠯᠭᠠᠰᠢᠷᠠᠭᠰᠠᠭᠠᠷ ᠡᠵᠢ ᠶᠢᠨ ᠮᠢᠨᠢ ᠨᠢᠷᠤᠭᠤ ᠠᠰᠠᠭᠤᠯᠳᠠ ᠶᠢᠨ ᠳᠡᠮᠳᠡᠭ᠌ ᠰᠢᠭ᠌ ᠮᠤᠷᠤᠢ ᠪᠣᠯᠴᠢᠬᠠᠵᠠᠢ᠃

    ᠵᠢᠷᠭᠤᠭ᠎ᠠ

ᠣᠳᠠᠭᠠᠨ ᠣᠨ ᠤ ᠰᠠᠯᠭᠢ ᠪᠣᠷᠤᠭᠠᠨ ᠤ ᠡᠯᠡᠭᠡᠯᠳᠡ ᠳᠤ ᠡᠵᠢ ᠮᠢᠨᠢ ᠬᠠᠪᠣᠷ ᠴᠠᠭ ᠤᠨ ᠳᠠᠷᠢᠶᠠᠨ ᠵᠤᠷᠬ᠎ᠠ ᠰᠢᠭ ᠠᠳᠤᠷᠢᠶ᠎ᠠ ᠮᠠᠩᠨᠠᠢ ᠳᠤ ᠨᠢ ᠳᠦᠭᠦᠷᠴᠤ᠂ ᠵᠤᠨ ᠤ ᠣᠯᠠᠷᠢᠯ ᠤᠨ ᠭᠠᠩᠳᠠᠭᠰᠠᠨ ᠭᠦᠷᠦᠰᠤ ᠮᠠᠳᠤ ᠭᠠᠷ ᠤᠨ ᠠᠯᠠᠭ᠎ᠠ ᠨᠢ ᠡᠪᠠᠷᠰᠢᠨ᠂ ᠨᠠᠮᠤᠷ ᠤᠨ ᠴᠠᠭ ᠤᠨ ᠰᠢᠷᠠᠯᠠᠭᠰᠠᠨ ᠨᠠᠪᠴᠢ ᠠᠳᠠᠯᠢᠬᠠᠨ ᠬᠠᠴᠠᠷ ᠨᠢᠭᠤᠷ ᠨᠢ ᠬᠠᠳᠠᠩᠭᠢᠷᠠᠵᠤ᠂ ᠡᠪᠦᠯ ᠤᠨ ᠣᠯᠠᠷᠢᠯ ᠤᠨ ᠭᠦᠪᠰᠡᠢ᠌ᠭ᠍ᠰᠡᠨ ᠴᠠᠰᠤ ᠮᠠᠳᠤ ᠦᠰᠤ ᠭᠡᠵᠢᠭᠡ ᠨᠢ ᠴᠠᠢ᠌ᠯ᠎ᠠ᠃ ᠣᠳᠤ ᠬᠡᠦᠬᠡᠳ ᠦᠷ᠎ᠡ ᠴᠢᠨᠢ ᠳᠤᠮᠤ ᠪᠣᠯᠵᠤ ᠭᠦᠮᠤᠨ ᠤ ᠳᠤᠮᠳᠠ ᠰᠡᠭᠦᠳᠡᠷ ᠪᠣᠰᠬᠠᠨ᠂ ᠭᠦᠷᠦᠰᠦᠳᠤ ᠳᠡᠯᠡᠭᠡᠢ ᠳᠤ ᠳᠤᠭᠤᠰᠤ ᠪᠣᠰᠬᠠᠨ ᠶᠠᠪᠣᠬᠤ ᠪᠣᠯᠤᠭᠰᠠᠨ ᠡᠨᠡ ᠡᠷᠡᠨ ᠳᠤ ᠭᠦᠰᠡᠯᠡᠩ ᠤᠨ ᠬᠤᠷᠢᠶᠠᠯᠳᠠ ᠪᠠᠨ ᠦᠵᠠᠨ ᠮᠦᠰᠢᠶᠠᠨ᠂ ᠢᠳᠡᠭᠡᠯ ᠤᠨ ᠦᠷ᠎ᠡ ᠪᠠᠨ ᠬᠠᠷᠠᠨ ᠪᠠᠶᠠᠰᠤᠭᠰᠠᠨ ᠡᠵᠢ ᠶᠢᠨ ᠮᠢᠨᠢ ᠪᠦᠭ᠍ᠳᠦᠭᠡᠷ ᠨᠢᠷᠤᠭᠤ ᠠᠰᠬᠠᠨ ᠪᠣᠯᠵᠤ ᠵᠢᠭᠢᠳᠡᠭ᠌ ᠪᠣᠯᠪᠠᠤ᠁


ᠵᠤᠬᠢᠶᠠᠭᠴᠢ ᠶᠢᠨ ᠬᠠ‍‌ᠶᠢᠭ ᠄ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤ

ᠵᠤᠬᠢᠶᠠᠭᠴᠢ᠄ ᠭᠢᠶᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 69853
ᠴᠠᠭ᠄ 2014 ᠤᠨ ᠤ 02 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ