ᠨᠡᠪᠲᠡᠷᠡᠨ ᠤᠷᠤᠬᠤ
ᠭᠦᠳᠡᠭᠡ ᠶᠢᠨ ᠳᠡᠷᠭᠡᠯ

ᠳᠤᠭᠤᠰᠤᠳᠤ ᠶᠢᠨ ᠰᠥᠮᠡᠭᠡᠷ ᠮᠠᠨᠠᠠᠳᠤᠬᠤ ᠠᠯᠤᠰ ᠳᠤ

ᠳᠤᠭᠯᠠᠬᠤ ᠰᠢᠭ ᠭᠦᠭᠡᠷᠦᠭᠦᠨ ᠵᠡᠷᠭᠡᠯᠭᠡ ᠨᠢ ᠠᠯᠢᠶᠠᠯᠠᠵᠤ

ᠳᠤᠭᠤᠨᠤ ᠰᠢᠭ ᠳᠡᠷᠭᠡᠯ ᠮᠠᠠᠳᠤᠬᠤ ᠨᠠᠷᠠ ᠳᠠᠢ

ᠳᠤᠷᠭᠠᠨ ᠨᠤᠭᠤᠭᠠᠬᠠᠨ ᠭᠦᠳᠡᠭᠡ ᠮᠢᠨᠢ ᠪᠠᠢ᠌ᠳᠠᠭ ᠡ


ᠮᠠᠷᠳᠠᠭᠰᠠᠨ ᠶᠤᠮ ᠰᠢᠭ ᠮᠢᠨᠤ ᠭᠦᠳᠡᠭᠡ ᠳ᠋ᠤ

ᠮᠠᠩᠭᠢᠷ ᠳᠠᠭᠠᠨ᠎ᠠ ᠶᠢᠨ ᠦᠨᠦᠷ ᠳᠤᠨᠤᠷᠠᠵᠤ

ᠮᠠᠳᠠᠭᠰᠠᠨ ᠶᠤᠮ ᠰᠢᠭ ᠭᠦᠮᠦᠭᠡᠷ ᠳᠡᠭ᠍ᠷᠢ ᠨᠢ

ᠮᠤᠩᠭ᠋ᠤᠯ ᠭᠡᠷ ᠤᠨ ᠬᠠᠨ᠎ᠠ ᠰᠢᠭ ᠨᠦᠮᠤᠷᠠᠵᠤ


ᠭᠦᠳᠡᠩ ᠳᠠᠳᠠᠭᠰᠠᠨ ᠴᠡᠩᠭᠡᠷ ᠠᠭᠤᠯᠠᠰ ᠨᠢ

ᠭᠦᠳᠦᠯᠵᠤ ᠵᠤᠭᠰᠤᠭᠠᠤᠨ ᠳᠤᠭᠤᠷᠭ᠎ᠠ ᠳᠠᠳᠠᠵᠤ

ᠭᠦᠭᠡᠷᠦᠭᠦᠨ ᠨᠠᠮᠬᠠᠨ ᠳᠤᠪᠣ ᠳᠤᠯᠤᠭᠠᠤᠨ

ᠭᠦᠷᠢᠶᠡᠯᠡᠵᠤ ᠰᠠᠭᠤᠭᠠᠤᠨ ᠳᠤᠭᠤᠷᠢᠭ ᠳᠠᠳᠠᠵᠤ


ᠭᠤᠭᠴᠤᠭ᠎ᠠ ᠭᠤᠭᠴᠤᠭ᠎ᠠ ᠭᠤᠤᠯ ᠭᠤᠷᠤᠬ᠎ᠠ ᠨᠢ

ᠭᠤᠷᠪᠠ ᠳᠦᠷᠪᠠᠨ ᠨᠤᠭᠤᠯᠤᠭ᠎ᠠ ᠳᠠᠳᠠᠵᠤ

ᠭᠤᠪᠢ ᠶᠢᠨ ᠬᠠᠳᠠᠭᠤ ᠬᠠᠢ᠌ᠯᠠᠰᠤᠨ ᠮᠤᠳᠤ ᠨᠢ ᠴᠤ

ᠭᠤᠭᠢᠷ ᠳᠠᠭᠢᠷ ᠮᠤᠷᠤᠢ ᠳᠠᠳᠠᠵᠤ


ᠭᠦᠳᠦᠯ ᠳᠠᠪᠠᠭᠰᠠᠨ ᠳᠡᠭᠡᠰᠤᠨ ᠵᠠᠮ ᠨᠢ

ᠭᠦᠷᠳᠤ ᠪᠠᠨ ᠳᠠᠭᠠᠭᠠᠤᠨ ᠳᠤᠭᠤᠢ ᠳᠠᠳᠠᠵᠤ

ᠭᠦᠯᠢᠶᠡᠵᠤ ᠶᠠᠳᠠᠭᠰᠠᠨ ᠪᠣᠷᠤᠭᠠᠨ ᠤ ᠰᠤᠯᠤᠩᠭ᠎ᠠ ᠴᠤ

ᠭᠦᠰᠡᠯ ᠶᠢᠡᠨ ᠳᠠᠭᠠᠭᠠᠤᠨ ᠳᠦᠭᠦᠷᠢᠭ᠌ ᠳᠠᠳᠠᠵᠤ


ᠣᠭᠤᠳᠠ ᠰᠢᠭᠤᠳᠠᠢ ᠡᠳ᠋ᠯᠡᠯ ᠰᠠᠪᠠ ᠨᠢ

ᠣᠭᠠᠯᠵᠠ ᠳᠠᠭᠠᠯᠵᠠ ᠣᠷᠠᠯᠢᠭ ᠳᠠᠳᠠᠵᠤ

ᠣᠷᠠᠨ ᠴᠠᠴᠠᠨ ᠪᠠᠯᠭᠡ ᠵᠦᠩᠨᠠᠯ ᠨᠢ ᠴᠤ

ᠣᠴᠠᠷᠠᠯ ᠳᠦᠭᠦᠷᠡᠩ ᠢᠷᠦᠭᠡᠯ ᠳᠠᠳᠠᠵᠤ ᠁


ᠮᠤᠩᠭ᠋ᠤᠯ ᠤᠨ ᠳᠡᠷᠭᠡᠯ ᠭᠦᠳᠡᠭᠡ ᠭᠡᠳᠡᠭ᠌

ᠬᠤᠷᠴᠠ ᠮᠤᠬᠤᠭᠤ ᠥᠡᠴᠦᠭ᠌ ᠪᠠᠢ᠌ᠬᠤ ᠦᠭᠡᠶ ︕

ᠮᠤᠩᠭ᠋ᠤᠯ ᠭᠦᠮᠤᠨ ᠤ ᠰᠡᠳᠭᠢᠯ ᠭᠡᠳᠡᠭ᠌

ᠬᠤᠳᠠᠯ ᠦᠨᠡᠨ ᠤ ᠪᠣᠯᠤᠩ ᠪᠠᠢ᠌ᠬᠤ ᠦᠭᠡᠶ ︕


ᠵᠤᠬᠢᠶᠠᠭᠴᠢ ᠶᠢᠨ ᠬᠠ‍‌ᠶᠢᠭ ᠄ ᠪᠠᠭᠠᠷᠢᠨ ᠪᠠᠷᠠᠭᠤᠨ ᠬᠤᠰᠢᠭᠤᠨ ᠤ ᠣᠯᠤᠰ ᠳᠦᠷᠤ ᠶᠢᠨ ᠵᠥᠪᠯᠡᠯᠭᠡᠨ

ᠵᠤᠬᠢᠶᠠᠭᠴᠢ᠄ ᠡ᠊·ᠠᠯᠳᠠᠡᠰᠥ᠋ᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2641
ᠴᠠᠭ᠄ 2012 ᠤᠨ ᠤ 10 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ