☆ ᠭᠤᠨᠢᠨᠤᠳ·ᠨᠠ᠊·ᠰᠥᠭᠡᠪᠠᠭᠡᠳᠦᠷ
ᠪᠣᠷᠤᠭᠠᠨ
ᠪᠣᠷᠤᠭᠠᠨ ᠣᠷᠤᠪᠠ ᠦᠦ ᠭᠡᠵᠤ
ᠴᠢᠮᠡᠭᠡ ᠴᠢᠩᠨᠠᠪᠠᠯ
ᠪᠣᠴᠠᠵᠤ ᠠᠮᠵᠢᠭ᠎ᠠ ᠦᠭᠡᠶ ᠰᠢᠪᠠᠭᠤᠳ
ᠣᠭᠢᠯᠠᠵᠤ ᠭᠠᠩᠭ᠋ᠠᠨᠠᠬᠤ ᠨᠢ ᠰᠤᠨᠤᠰᠳᠠᠨ᠎ᠠ
ᠥᠷᠦᠭᠡᠰᠤᠨ ᠰᠠᠷ᠎ᠠ
ᠦᠨᠦᠴᠢᠨ ᠭᠡᠪ ᠶᠢᠡᠷ ᠵᠢᠠᠨ
ᠳᠡᠭ᠍ᠷᠢ ᠳᠤᠳᠤᠭᠤᠨ ᠳ᠋ᠤ
ᠭᠡᠯᠳᠡᠷᠭᠡᠢ ᠡᠯᠭᠦᠭ᠍ᠳᠡᠨᠡ
ᠦᠯᠦᠨ ᠰᠠᠯᠭᠢ
ᠥᠩᠭᠡᠪᠴᠢ ᠴᠢᠭ᠌ ᠶᠢᠡᠷ ᠵᠢᠠᠨ
ᠭᠠᠵᠠᠷ ᠤᠨ ᠠᠮᠠᠨ ᠡᠴᠠ
ᠭᠠᠰᠠᠯᠵᠤ ᠦᠯᠢᠶᠠᠨᠡ
ᠵᠢᠪᠠᠷᠡᠭ᠍ᠰᠡᠨ ᠥᠵᠦᠭ᠌
ᠴᠡᠴᠡᠷᠡᠭ᠍ᠰᠡᠨ ᠲᠦᠯᠦᠪ ᠶᠢᠡᠷ ᠵᠢᠠᠨ
ᠨᠠᠪᠴᠢ ᠨᠠᠮᠠᠭᠠᠨ ᠤ ᠬᠤᠭᠤᠷᠤᠠᠳᠤ
ᠠᠮᠢ ᠳᠠᠮᠠᠴᠠᠨᠡ
ᠵᠠᠪᠢᠯᠠᠭᠰᠠᠨ ᠡᠭᠦᠯᠡ
ᠰᠠᠶᠢ ᠯᠠ ᠰᠠᠷᠢᠵᠤ
ᠨᠢᠭᠦᠯ ᠶᠢᠡᠨ ᠨᠢᠭᠤᠬᠤ ᠭᠡᠵᠤ
ᠣᠷᠭᠤᠵᠤ ᠢᠷᠠᠨ᠎ᠡ᠃
ᠪᠣᠷᠤᠭᠠᠨ ᠵᠤᠭᠰᠤᠪᠠ ᠦᠦ ᠭᠡᠵᠤ
ᠳᠤᠭᠤᠨᠤ ᠪᠠᠷ ᠠᠵᠢᠪᠠᠯ
ᠪᠣᠳᠤᠯ ᠳ᠋ᠤ
ᠳᠡᠭ᠍ᠷᠢ ᠴᠡᠯᠮᠡᠭ᠍ᠰᠢᠭᠡ ᠦᠭᠡᠶ᠃
᠊᠊᠊᠊᠊᠊᠊᠊᠊᠊᠊᠊᠊᠊᠊ ᠮᠥᠭ᠍ᠳᠡᠨ ᠬᠤᠳᠠᠨ᠎ᠠ
2009-10-19
ᠵᠤᠬᠢᠶᠠᠭᠴᠢ ᠶᠢᠨ ᠬᠠᠶᠢᠭ᠄ ᠮᠥᠭ᠍ᠳᠡᠨ ᠬᠤᠳᠠ ᠶᠢᠨ ᠯᠢᠶᠤᠤᠨᠢᠩ ᠶᠡᠭᠡ ᠰᠤᠷᠭᠠᠭᠤᠯᠢ ᠶᠢᠨ ᠰᠢᠨ᠎ᠡ ᠳᠤᠭᠤᠷᠢᠭ ᠤᠨ ᠠᠵᠤ ᠠᠬᠤᠢ ᠶᠢᠨ ᠭᠦᠷᠢᠶᠡᠯᠡᠩ ᠤᠨ 09 ᠣᠨ ᠤ ᠠᠵᠤ ᠠᠬᠤᠢ ᠶᠢᠨ ᠰᠠᠯᠪᠣᠷᠢ
ᠵᠤᠬᠢᠶᠠᠭᠴᠢ᠄ ᠭᠤᠨᠢᠨᠤᠳ·ᠨᠠ᠊·ᠰᠥᠭᠡᠪᠠᠭᠡᠳᠦᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2009 ᠤᠨ ᠤ 12 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ