ᠨᠡᠪᠲᠡᠷᠡᠨ ᠤᠷᠤᠬᠤ
ᠴᠢ ᠮᠢᠨᠢ ᠬᠤᠯᠠ ᠪᠠᠢ᠌ᠯ᠎ᠠ

ᠣᠨᠠᠭᠠᠨ ᠨᠠᠰᠤᠨ ᠤ ᠮᠢᠨᠢ

ᠮᠦᠷᠦᠭᠡᠳᠦᠯ ᠤᠨ ᠴᠦᠷᠭᠦᠯᠡᠭᠡ ᠶᠢ᠌ ᠭᠦᠳᠦᠯᠵᠤ

ᠮᠥᠩᠭᠡ ᠶᠢᠨ ᠶᠤᠮ ᠰᠢᠭ᠌ ᠡᠳᠦᠷ ᠬᠤᠨᠤᠭ ᠤᠳ ᠤᠨ ᠳᠤᠮᠳᠠᠭᠤᠷ

ᠣᠰᠤᠨ ᠴᠡᠩᠭᠡᠷ ᠨᠠᠭᠤᠷ ᠤᠨ

ᠬᠤᠨ ᠨᠢ  ᠶᠤᠮᠰᠢᠭ ᠭᠠᠩᠭ᠋ᠠᠨᠠᠵᠤ ᠪᠢ

ᠣᠬᠠᠭᠠᠨ ᠳᠤ ᠪᠠᠨ ᠴᠢᠮ᠎ᠠ ᠶᠢ ᠥᠭᠡᠢ᠌ᠯᠡᠨ ᠡᠷᠢᠳᠡᠭ᠌ ᠡ

ᠴᠢ ᠮᠢᠨᠢ ᠬᠤᠯᠠ ᠪᠠᠢ᠌ᠯ᠎ᠠ

ᠴᠢᠨᠤ ᠵᠥᠭ᠌ ᠪᠢ ᠨᠡᠭᠦᠳᠡᠯ ᠤᠨ ᠰᠢᠪᠠᠭᠤ ᠰᠢᠭ᠌ ᠵᠢᠠᠨ

ᠵᠠᠯᠠᠯᠠᠨ ᠨᠢᠰᠦᠭ᠍ᠰᠡᠭᠡᠷ ᠪᠠᠢ᠌ᠨᠠᠮ


ᠬᠤᠷᠠᠭᠠᠨ ᠴᠠᠭᠠᠨ ᠡᠭᠦᠯᠡᠰ

ᠬᠤᠯᠠ ᠶᠢᠨ ᠳᠡᠭ᠍ᠷᠢ ᠳᠤ ᠭᠦᠪᠪᠦᠯᠵᠡᠭᠦ ᠪᠠᠷ

ᠬᠤᠩᠭ᠋ᠤᠷ ᠵᠢᠷᠦᠭᠡᠨ ᠳᠤ ᠴᠢ ᠮᠢᠨᠢ ᠡᠷᠢᠭ᠍ᠳᠡᠵᠤ

ᠠᠯᠢᠮᠠᠨ ᠬᠠᠴᠠᠷ ᠳᠡᠭᠡᠷ᠎ᠡ ᠴᠢᠨᠢ ᠳᠤᠭᠯᠠᠬᠤ

ᠠᠯᠢᠶ᠎ᠠ ᠭᠦᠭᠡᠷᠦᠭᠦᠨ ᠠᠭᠠᠰᠢ ᠶᠢ ᠴᠢᠨᠢ ᠰᠠᠨᠠᠭᠰᠠᠨ

ᠣᠢ᠌ᠤᠠᠬᠠᠷ ᠶᠢᠠᠨ ᠪᠢ ᠮᠠᠷᠳᠠᠵᠤ ᠴᠢᠳᠠᠬᠤ ᠦᠭᠡᠶ ᠡ

ᠴᠢ ᠮᠢᠨᠢ ᠬᠤᠯᠠ ᠪᠠᠢ᠌ᠯ᠎ᠠ

ᠴᠢᠨᠤ ᠵᠥᠭ᠌ ᠪᠢ ᠬᠤᠷ᠎ᠠ ᠶᠢᠨ ᠡᠭᠦᠯᠡᠰ ᠰᠢᠭ᠌ ᠵᠢᠠᠨ

ᠠᠭᠠᠵᠢᠭᠤᠬᠠᠨ ᠨᠡᠭᠦᠳᠡᠯᠯᠡᠭ᠍ᠰᠡᠭᠡᠷ ᠪᠠᠢ᠌ᠨᠠᠮ

ᠳᠤᠨᠢᠷᠬᠠᠵᠤ ᠰᠠᠭᠤᠳᠠᠭ ᠢᠨᠠᠭᠬᠠᠨ ᠴᠢᠷᠠᠢ ᠶᠢ ᠴᠢᠨᠢ

ᠳᠤᠭᠳᠤᠯᠵᠤ ᠣᠶᠠᠰᠤᠭᠰᠠᠨ ᠵᠢᠷᠦᠭᠡᠨ ᠳᠤ ᠪᠠᠨ ᠰᠠᠢ᠌ᠯᠵᠤ

ᠳᠤᠮᠤᠭ᠎ᠠ ᠦᠭᠡᠶ ᠳᠤᠷᠠᠯᠠᠳᠠᠭ ᠨᠠᠠᠳᠢᠨ ᠬᠠᠢ᠌ᠷ᠎ᠠ ᠪᠠᠷ ᠶᠢᠡᠨ

ᠳᠠᠭᠤᠨ ᠤ ᠭᠠᠭᠴᠠᠬᠠᠨ ᠪᠠᠳᠠᠭ ᠰᠢᠭ ᠥᠯᠡᠳᠡᠭᠦ ᠳ᠋ᠤ

ᠳᠠᠩᠴᠢ ᠣᠶᠠᠷᠠᠭᠤᠨ ᠰᠢᠷᠠᠮᠦ᠋ᠷᠠᠨ ᠤ ᠴᠢᠨᠢ ᠣᠷᠤᠰᠬᠠᠯ

ᠡᠷᠭᠢ ᠪᠠᠨ ᠳᠠᠯᠠᠵᠤ ᠵᠡᠭᠦᠳᠤ ᠶᠢ ᠮᠢᠨᠢ ᠡᠮᠳᠡᠯᠡᠳᠡᠭ᠌ ᠪᠣᠯᠤᠭᠰᠠᠨ

ᠴᠢ ᠮᠢᠨᠢ ᠬᠤᠯᠠ ᠪᠠᠢ᠌ᠯ᠎ᠠ

ᠴᠢᠨᠤ ᠵᠥᠭ᠌ ᠪᠢ ᠣᠯᠠᠷᠢᠯ ᠤᠨ ᠭᠤᠤᠯ ᠰᠢᠭ ᠵᠢᠠᠨ

ᠨᠠᠮᠤᠭᠤᠬᠠᠨ ᠣᠷᠤᠰᠤᠭᠰᠠᠭᠠᠷ ᠪᠠᠢ᠌ᠨᠠᠮ


ᠭᠡᠭᠡᠨ ᠰᠠᠷᠠᠨ ᠳᠤ ᠬᠠᠮᠳᠤ ᠳᠤ ᠪᠠᠨ ᠰᠤᠭᠳᠤᠵᠤ  

ᠭᠡᠨᠡᠨ ᠳᠤᠭᠳᠤᠯᠤᠯ ᠶᠢᠡᠷ ᠨᠣᠢ᠌ᠷ ᠬᠤᠯᠵᠢᠭᠰᠠᠨ ᠰᠦᠨᠢ

ᠳᠤᠷᠠᠯᠠᠯ ᠤᠨ ᠳᠤᠷᠭᠠᠨ ᠰᠢᠯᠦᠭ᠌ ᠮᠢᠨᠢ ᠴᠢᠮ᠎ᠠ ᠣᠷᠤᠭᠤ ᠶᠡᠭᠦᠷᠡᠭ᠍ᠰᠡᠨ

ᠬᠠᠪᠣᠷ ᠤᠨ ᠰᠠᠨᠠᠭᠠᠨ ᠶᠢᠡᠷ ᠨᠠᠭᠠᠯᠢᠩᠬᠠᠢ ᠵᠦᠰᠠ ᠰᠢᠪᠰᠢᠵᠤ

ᠬᠠᠢ᠌ᠷ᠎ᠠ ᠶᠢᠨ ᠠᠶᠠᠯᠠᠭᠤᠨ ᠶᠢᠡᠷ ᠰᠡᠳᠭᠢᠯ ᠴᠠᠯᠭᠢᠭᠰᠠᠨ ᠪᠦᠷᠦᠢ

ᠣᠶᠠᠷᠠᠯ ᠤᠨ ᠦᠨᠦᠴᠢᠨ ᠰᠢᠪᠠᠨᠡᠭᠡ ᠮᠢᠨᠢ ᠴᠢᠮ᠎ᠠ ᠣᠷᠤᠭᠤ ᠵᠢᠭᠤᠳᠠᠭᠰᠠ

ᠴᠢ ᠮᠢᠨᠢ ᠬᠤᠯᠠ ᠪᠠᠢ᠌ᠯ᠎ᠠ

ᠴᠢᠨᠤ ᠵᠥᠭ᠌ ᠪᠢ ᠣᠳᠤᠷ ᠤᠨ ᠪᠣᠷᠤᠭ᠎ᠠ ᠰᠢᠭ ᠶᠢᠡᠨ

ᠠᠶᠠᠷᠬᠠᠨ ᠵᠥᠰᠡᠷᠡᠭ᠍ᠰᠡᠭᠡᠷ ᠪᠠᠢ᠌ᠨᠠᠮ


ᠨᠢᠭᠤᠵᠤ ᠣᠨᠠᠭᠠᠭᠰᠠᠨ ᠨᠢᠯᠪᠣᠰᠤ ᠶᠢ ᠴᠢᠨᠢ

ᠥᠯᠢᠶᠡᠭᠦ ᠰᠠᠯᠭᠢᠨ ᠤ ᠣᠷᠤᠭᠤᠯ ᠶᠢᠡᠷ ᠥᠨᠦᠰᠦᠭᠦᠯᠵᠤ

ᠰᠡᠷᠭᠦᠯᠡᠩ ᠬᠠᠷ᠎ᠠ ᠭᠡᠵᠢᠭᠡ ᠶᠢ ᠴᠢᠨᠢ

ᠤᠶᠠᠩ‍ᠭ᠎ᠠ ᠶᠢᠨ ᠠᠯᠳᠠᠨ ᠱᠠᠤᠨ ᠶᠢᠡᠷ ᠭᠦᠷᠦᠵᠤ

ᠬᠠᠢ᠌ᠷ᠎ᠠ ᠶᠢᠨ ᠳᠤᠯᠠᠭᠠᠨ ᠪᠠᠭᠤᠴᠠᠨ ᠳᠤ ᠪᠠᠨ

ᠡᠷᠭᠡᠯᠡᠵᠤ ᠢᠷᠡᠭᠦ ᠶᠢ ᠴᠢᠨᠢ ᠭᠦᠯᠢᠶᠡᠶ᠎ᠡ

ᠴᠢ ᠮᠢᠨᠢ ᠬᠤᠯᠠ ᠪᠠᠢ᠌ᠯ᠎ᠠ

ᠴᠢᠠᠳᠠᠭᠠᠨ ᠴᠠᠭᠠᠨ ᠭᠦᠰᠡᠯ ᠡᠪᠦᠷᠯᠡᠵᠤ

ᠴᠢᠨᠤ ᠵᠥᠭ᠌ ᠪᠢ ᠳᠠᠭᠤᠯᠠᠨ ᠨᠢᠰᠦᠭ᠍ᠰᠡᠭᠡᠷ ᠪᠠᠢ᠌ᠨᠠᠮ


ᠬᠠᠢ᠌ᠷᠠᠳᠠᠢ ᠰᠢᠤ ᠴᠢᠮᠠᠳᠠᠭᠠᠨ

ᠬᠠᠢ᠌ᠷ᠎ᠠ ᠶᠢᠨ ᠭᠠᠭᠴᠠ ᠰᠠᠷᠭᠠᠢ ᠪᠠᠨ ᠦᠭ‍ᠭᠦᠭᠡ ᠦᠭᠡᠶ ᠴᠤ

ᠪᠢ ᠴᠢᠮ᠎ᠠ ᠳᠠᠭᠠᠨ ᠯᠠ ᠬᠠᠢ᠌ᠷᠠᠳᠠᠢ

ᠠᠶᠠᠰ ᠵᠥᠭᠡᠯᠡᠨ ᠰᠠᠯᠭᠢ ᠪᠠᠷ ᠠᠷᠭᠠᠳᠠᠭᠤᠯᠵᠤ

ᠠᠮᠠᠷᠠᠭ ᠰᠡᠳᠭᠢᠯ ᠶᠢᠡᠷ ᠶᠢᠡᠨ ᠴᠢ ᠮᠢᠨᠢ

ᠠᠢ᠌ᠯ ᠤᠨ ᠰᠠᠢ᠌ᠬᠠᠨ ᠠᠬ᠎ᠠ ᠳᠤ ᠪᠠᠨ ᠢᠷᠡᠭᠡᠷᠡᠢ

ᠴᠢ ᠮᠢᠨᠢ ᠬᠤᠯᠠ ᠪᠠᠢ᠌ᠯ᠎ᠠ

ᠴᠢᠩ ᠦᠨᠡᠠᠴᠢ ᠳᠤᠷᠠᠯᠠᠯ ᠶᠢᠡᠨ ᠮᠠᠨᠠᠵᠤ

ᠴᠢᠨᠤ ᠵᠥᠭ᠌ ᠪᠢ ᠬᠠᠢ᠌ᠷ᠎ᠠ ᠶᠢᠨ ᠳᠠᠭᠤᠤ ᠠᠶᠠᠯᠤᠭᠰᠠᠭᠠᠷ ᠣᠴᠢᠬᠤ ᠶᠤᠮ ᠡ  


ᠴᠢ ᠮᠢᠨᠢ ᠬᠤᠯᠠ ᠪᠠᠢ᠌ᠯ᠎ᠠ ᠁


                     2010.6.10  ᠭᠦᠭᠡᠮᠦᠳᠤᠨ ᠳ᠋ᠤ


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤ

ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2628
ᠴᠠᠭ᠄ 2011 ᠤᠨ ᠤ 02 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ