ᠨᠡᠪᠲᠡᠷᠡᠨ ᠤᠷᠤᠬᠤ
ᠨᠢᠭᠤᠯᠴᠠᠭ᠎ᠠ

ᠪᠠᠭ᠎ᠠ ᠳᠤ ᠪᠠᠨ ᠪᠢᠳᠠ ᠬᠤᠶᠠᠭᠤᠯᠠ

ᠰᠠᠷᠠ ᠲᠡᠶ ᠰᠦᠨᠢ ᠪᠠᠷ

ᠪᠠᠢ᠌ᠰᠢᠩ ᠶᠢᠡᠨ ᠳᠤᠭᠤᠷᠢᠨ ᠭᠦᠶ‍ᠦᠯᠴᠡᠵᠤ

ᠪᠠᠬ᠎ᠠ ᠪᠠᠨ ᠬᠠᠠᠳᠠᠯ᠎ᠠ ᠨᠢᠭᠤᠯᠴᠠᠵᠤ ᠨᠠᠭᠠᠳᠳᠠᠭ ᠪᠠᠢ᠌ᠯ᠎ᠠ

ᠬᠠᠮᠢᠭ᠎ᠠ ᠨᠢᠭᠤᠭᠳᠠᠭᠰᠠᠨ ᠴᠤ ᠴᠢᠮᠢ᠋ᠢ ᠪᠢ ᠡᠷᠢᠵᠤ ᠣᠯᠳᠠᠭ

ᠬᠠᠶᠠ ᠪᠠᠰᠠ ᠣᠯᠵᠤ ᠶᠠᠳᠠᠬᠤ ᠪᠣᠶᠤ ᠵᠠᠯᠬᠠᠭᠤᠷᠠᠪᠠᠯ

ᠬᠠᠶᠠᠭᠠᠤᠨ ᠶᠠᠪᠣᠨ᠎ᠠ ᠰᠢᠤ ᠭᠡᠵᠤ ᠠᠶᠤᠯᠭᠠᠵᠤ ᠥᠵᠡᠳᠡᠭ᠌

ᠬᠠᠷᠠᠩᠭ᠋ᠤᠢ ᠪᠣᠯᠤᠩ ᠡᠴᠡ ᠳᠠᠭᠠᠭᠤᠯᠡᠷ ᠴᠢ

ᠰᠠᠠᠳᠤᠷᠤᠨ ᠭᠠᠷᠴᠤ ᠢᠷᠡᠳᠡᠭ᠌

ᠴᠢ ᠶᠠᠷᠤᠨᠢ ᠨᠠᠮᠢ᠋ᠢ ᠡᠷᠢᠵᠤ ᠣᠯᠳᠠᠭ ᠦᠭᠡᠶ

ᠴᠢᠮᠡᠭᠡ ᠥᠭᠡᠢ᠌ᠭᠡᠨ ᠬᠣᠢ᠌ᠨ᠎ᠠ ᠡᠴᠡ ᠴᠢᠨᠢ ᠳᠠᠭᠠᠬᠤ ᠳᠤ ᠮᠡᠳᠡᠳᠡᠭ᠌ ᠦᠭᠡᠶ

ᠭᠠᠭᠴᠠᠭᠠᠷ ᠶᠢᠡᠨ ᠡ᠊ᠨᠳᠡ ᠠᠶᠤᠵᠤ ᠪᠠᠢ᠌ᠨ᠎ᠠ ᠡ

ᠭᠠᠷᠤᠭᠠᠤᠨ ᠢᠷᠡᠭᠦ ᠦᠦ ᠭᠡᠵᠤ

ᠭᠠᠴᠢᠭᠳᠠᠳᠠᠯ᠎ᠠ ᠴᠢᠨᠢ ᠭᠤᠶᠤᠭᠤᠯᠳᠠᠭ

ᠠᠯᠠᠭ᠎ᠠ ᠪᠠᠷ ᠶᠢᠡᠨ ᠨᠢᠯᠪᠣᠰᠤ ᠪᠠᠨ ᠠᠷᠴᠢᠬᠣᠢ᠌ᠴᠠ ᠪᠣᠯᠬᠤ ᠳᠤ

ᠠᠬ᠎ᠠ ᠨᠢ ᠪᠠᠢ᠌ᠮᠤᠢ ᠭᠡᠭ᠍ᠰᠡᠭᠡᠷ ᠴᠢᠨᠤ ᠡᠮᠦᠨ᠎ᠡ ᠢᠯᠡᠷᠡᠳᠡᠭ᠌

ᠨᠠᠢ᠌ᠷᠰᠠᠭ ᠢ ᠪᠣᠳᠤᠵᠤ ᠵᠠᠷᠢᠮ ᠳᠤ ᠪᠠᠨ

ᠵᠤᠷᠢᠭᠤᠳᠠ ᠪᠠᠷᠢᠭᠳᠠᠳᠠᠭ

ᠨᠠᠮᠢ᠋ᠢ ᠣᠯᠤᠭᠰᠠᠨ ᠳᠤ ᠪᠠᠨ ᠴᠢ

ᠶᠡᠭᠡᠯ᠎ᠡ ᠳᠡᠪᠭᠡᠷᠴᠤ ᠪᠠᠶᠠᠰᠳᠠᠭ

ᠨᠢᠭᠡᠨ ᠦᠳᠡᠰᠢ ᠶᠢᠨ ᠨᠢᠭᠤᠯᠴᠠᠭ᠎ᠠ

ᠡᠢ᠌ᠨ ᠭᠦ ᠳᠡᠭᠦᠰᠴᠤ

ᠨᠠᠭᠠᠳᠤᠮ ᠮᠠᠨᠢ ᠮᠠᠷᠭᠠᠰᠢ ᠨᠢ ᠮᠦᠨ

ᠰᠠᠢ᠌ᠬᠠᠨ ᠥᠷᠭᠦᠯᠵᠢᠯᠡᠳᠡᠭ᠌ ᠡ

ᠰᠠᠷᠠ ᠳᠡᠷᠭᠡᠯᠯᠡᠵᠤ

ᠨᠠᠷᠠ ᠣᠷᠭᠤᠭᠰᠠᠭᠠᠷ

ᠰᠠᠨᠠᠭ᠎ᠠ ᠳᠠᠯᠠᠵᠤ

ᠨᠠᠰᠤ ᠥᠰᠦᠭ᠍ᠰᠡᠭᠡᠷ

ᠡᠳᠦᠭᠡ ᠪᠣᠯᠬᠤ ᠳᠤ

ᠡᠩᠭᠦᠷᠡᠢ ᠪᠠᠭ᠎ᠠ ᠶᠢᠨ ᠴᠢᠮᠢ᠋ᠢ

ᠡᠳᠦᠷ ᠶᠢᠡᠷ ᠳ᠋ᠸᠩ ᠪᠠᠷᠢᠭᠰᠠᠨ ᠴᠤ

ᠡᠷᠢᠭᠡᠳ ᠣᠯᠬᠤ ᠡᠴᠡ ᠥᠩᠭᠡᠷᠡᠵᠡᠢ

ᠠᠶᠤᠯᠭᠠᠭᠰᠠᠨ ᠴᠤ᠂ ᠠᠷᠭᠠᠳᠠᠭᠰᠠᠨ ᠴᠤ

ᠠᠢ ᠳ᠋ᠠ᠂ ᠴᠢ ᠮᠢᠨᠢ ᠪᠠᠷ᠎ᠠ ᠴᠤ ᠦᠭᠡᠶ

ᠠᠢ᠌ᠯ ᠣᠰᠤᠨ ᠳᠤ ᠪᠠᠨ ᠪᠠᠢ᠌ᠬᠤ ᠴᠤ ᠦᠭᠡᠶ

ᠭᠡᠨ ᠨᠢ ᠭᠡᠨ ᠶᠢᠡᠨ ᠡᠷᠢᠵᠤ ᠪᠠᠢ᠌ᠬᠤ ᠨᠢ ᠮᠡᠳᠡᠭ᠍ᠳᠡᠭᠦ ᠦᠭᠡᠶ

ᠬᠠᠢ᠌ᠷ᠎ᠠ ᠭᠡᠭ᠍ᠴᠢ ᠬᠤᠪᠢ ᠵᠠᠶᠠᠭᠠᠨ ᠤ ᠨᠢᠭᠤᠯᠴᠠᠭ᠎ᠠ ᠦᠦ

ᠡᠷᠢᠵᠤ ᠯᠠ ᠴᠥᠭᠦᠭᠦ ᠳᠤ ᠪᠠᠨ ᠪᠢᠳᠡᠭᠦᠭᠡᠨ ᠭᠤᠮᠤᠳᠠᠵᠤ

ᠨᠡᠭᠡᠷᠡᠨ ᠨᠢᠭᠡᠨ ᠶᠢᠡᠨ ᠬᠠᠶᠠᠵᠤ ᠯᠠ ᠶᠠᠪᠣᠭᠠᠤᠨ

ᠥᠭᠡᠷ᠎ᠡ ᠭᠦᠮᠤᠨ ᠤ ᠰᠡᠳᠭᠢᠯ ᠳᠤ

ᠨᠦᠮᠦᠷᠢ ᠣᠯᠤᠨ ᠨᠢᠭᠤᠭᠳᠠᠳᠠᠭ ᠪᠣᠯᠪᠠ ᠦᠦ︖

ᠵᠤᠬᠢᠶᠠᠭᠴᠢ᠄ ᠳ᠋·ᠲᠦᠮᠡᠠᠰᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2638
ᠴᠠᠭ᠄ 2009 ᠤᠨ ᠤ 01 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ