☆ ᠳᠠᠪᠠᠯᠭ᠎ᠠ
ᠠᠮᠠᠨ ᠣᠩᠰᠢᠯᠭ᠎ᠠ
ᠠᠯᠤᠰ ᠤᠨ ᠠᠶᠠᠨ ᠳᠤ ᠳᠠᠭᠠᠭᠠᠮᠠᠭᠠᠢ
ᠳᠡᠮᠡᠭᠡᠨ ᠤ ᠵᠤᠯᠵᠠᠭ᠎ᠠ ᠶᠢ ᠪᠣᠳᠤᠭᠤ ᠭᠡᠨ᠎ᠡ
ᠠᠳᠠᠷ ᠳᠠᠯ᠎ᠠ ᠪᠠᠷ ᠳᠠᠪᠭᠢᠯᠳᠤᠳᠠᠭ
ᠠᠳᠤᠭᠤᠨ ᠤ ᠵᠤᠯᠵᠠᠭ᠎ᠠ ᠶᠢ ᠣᠨᠠᠭ᠎ᠠ ᠭᠡᠨ᠎ᠡ
ᠠᠭᠤᠳᠠᠮ ᠭᠡᠭᠡᠷ᠎ᠡ ᠳᠤ ᠪᠠᠨ ᠢᠳᠡᠰᠢᠯᠡᠳᠡᠭ᠌
ᠢᠮᠠᠭᠠᠨ ᠤ ᠵᠤᠯᠵᠠᠭ᠎ᠠ ᠶᠢ ᠢᠰᠢᠭᠡ ᠭᠡᠨ᠎ᠡ
ᠠᠰᠤᠷᠤ ᠨᠤᠮᠤᠬᠠᠨ ᠵᠠᠩ ᠳᠠᠢ
ᠬᠤᠨᠢᠨ ᠤ ᠵᠤᠯᠵᠠᠭ᠎ᠠ ᠶᠢ ᠬᠤᠷᠠᠭ᠎ᠠ ᠭᠡᠨ᠎ᠡ
ᠠᠷᠠᠯ ᠤᠨ ᠱᠠᠷ ᠴᠤᠯᠠ ᠳᠠᠢ
ᠥᠭᠡᠷ ᠤᠨ ᠵᠤᠯᠵᠠᠭ᠎ᠠ ᠶᠢ ᠳᠤᠭᠤᠯ ᠭᠡᠨ᠎ᠡ
ᠠᠷᠢᠶᠠᠳᠠᠨ ᠤ ᠬᠠᠭᠠᠨ ᠬᠤᠴᠢ ᠳᠠᠢ
ᠠᠷᠰᠯᠠᠨ ᠤ ᠵᠤᠯᠵᠠᠭ᠎ᠠ ᠶᠢ ᠭᠦᠴᠦᠭ᠌ ᠭᠡᠨ᠎ᠡ
ᠠᠶᠤᠩᠭ᠎ᠠ ᠶᠢᠨ ᠶᠡᠭᠡ ᠭᠦᠷᠭᠢᠷᠡᠯᠳᠡ ᠳᠠᠢ
ᠪᠠᠷᠰ ᠤᠨ ᠵᠤᠯᠵᠠᠭ᠎ᠠ ᠶᠢ ᠪᠠᠮᠪᠠᠷ ᠭᠡᠨ᠎ᠡ
ᠠᠷᠳᠠᠭ ᠳᠤᠭᠰᠢᠨ ᠠᠭᠠᠰᠢ ᠳᠠᠢ
ᠪᠠᠭᠠᠪᠠᠭᠠᠢ ᠶᠢᠨ ᠵᠤᠯᠵᠠᠭ᠎ᠠ ᠶᠢ ᠪᠠᠮᠪᠣᠷᠰᠢ ᠭᠡᠨ᠎ᠡ
ᠶᠢᠷᠳᠢᠠᠴᠤ ᠶᠢᠨ ᠶᠢᠰᠤᠨ ᠳᠠᠭᠠᠭᠠᠮᠠᠭᠠᠢ
ᠭᠠᠵᠠᠷ ᠨᠢ ᠣᠰᠤ ᠪᠠᠨ ᠳᠠᠭᠠᠭᠠᠨ᠎ᠠ
ᠣᠰᠤ ᠨᠢ ᠮᠦᠰᠤ ᠪᠠᠨ ᠳᠠᠭᠠᠭᠠᠨ᠎ᠠ
ᠮᠦᠰᠤ ᠨᠢ ᠮᠤᠷᠢ ᠪᠠᠨ ᠳᠠᠭᠠᠭᠠᠨ᠎ᠠ
ᠮᠤᠷᠢ ᠨᠢ ᠡᠮᠡᠭᠡᠯ ᠶᠢᠡᠨ ᠳᠠᠭᠠᠭᠠᠨ᠎ᠠ
ᠡᠮᠡᠭᠡᠯ ᠨᠢ ᠭᠦᠮᠤᠨ ᠶᠢᠡᠨ ᠳᠠᠭᠠᠭᠠᠨ᠎ᠠ
ᠭᠦᠮᠤᠨ ᠨᠢ ᠭᠦᠵᠦᠭᠦᠤ ᠪᠠᠨ ᠳᠠᠭᠠᠭᠠᠨ᠎ᠠ
ᠭᠦᠵᠦᠭᠦᠤ ᠨᠢ ᠳᠤᠯᠤᠭᠠᠢ ᠪᠠᠨ ᠳᠠᠭᠠᠭᠠᠨ᠎ᠠ
ᠳᠤᠯᠤᠭᠠᠢ ᠨᠢ ᠮᠠᠯᠠᠭᠠᠢ ᠪᠠᠨ ᠳᠠᠭᠠᠭᠠᠨ᠎ᠠ
ᠮᠠᠯᠠᠭᠠᠢ ᠨᠢ ᠵᠢᠩᠰᠠ ᠪᠠᠨ ᠳᠠᠭᠠᠭᠠᠨ᠎ᠠ
ᠠᠭᠤᠯᠠᠨ ᠳᠠᠪᠠᠭ᠎ᠠ
ᠡᠨᠡ ᠳᠠᠪᠠᠭ᠎ᠠ ᠳᠠᠷᠠ ᠳᠠᠪᠠᠭ᠎ᠠ
ᠡᠷᠭᠢᠭᠡᠳ ᠢᠷᠠᠪᠠᠯ ᠠᠷᠪᠠᠨ ᠳᠠᠪᠠᠭ᠎ᠠ
ᠡᠨᠡ ᠳᠠᠪᠠᠭ᠎ᠠ ᠳᠠᠷᠠ ᠳᠠᠪᠠᠭ᠎ᠠ
ᠡ᠊ᠨᠳᠡᠭᠦᠷᠡᠭᠡᠳ ᠢᠷᠠᠪᠠᠯ ᠵᠠᠭᠤᠨ ᠳᠠᠪᠠᠭ᠎ᠠ
ᠳᠠᠩ ᠳᠠᠪᠠᠭ᠎ᠠ ᠳᠠᠪᠬᠤᠷ ᠳᠠᠪᠠᠭ᠎ᠠ
ᠳᠠᠪᠠᠭᠠᠤᠨ ᠢᠷᠠᠪᠠᠯ ᠮᠢᠩᠭ᠋ᠠᠨ ᠳᠠᠪᠠᠭ᠎ᠠ
ᠭᠦᠡᠳᠡᠢ ᠳᠠᠪᠠᠭ᠎ᠠ ᠭᠦᠳᠦᠯ ᠳᠠᠪᠠᠭ᠎ᠠ
ᠭᠦᠭᠡᠭᠡᠭᠡᠳ ᠢᠷᠠᠪᠠᠯ ᠲᠦᠮᠡᠨ ᠳᠠᠪᠠᠭ᠎ᠠ
ᠵᠤᠬᠢᠶᠠᠭᠴᠢ ᠶᠢᠨ ᠬᠠᠶᠢᠭ ᠄ ᠦᠪᠣᠷ ᠮᠤᠩᠭ᠋ᠤᠯ
ᠵᠤᠬᠢᠶᠠᠭᠴᠢ᠄ ᠳᠠᠪᠠᠯᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠤᠶᠤᠯ ᠣᠷᠠᠯᠢᠭᠳᠠᠷᠤᠮ᠄ 7494
ᠴᠠᠭ᠄ 2011 ᠤᠨ ᠤ 05 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ