☆ ᠭᠡ᠊·ᠬᠠᠷᠠᠪᠠᠷᠰ
ᠳᠤᠤᠯᠠ
ᠳᠤᠤᠯᠠ ᠮᠠᠳᠤ ᠣᠰᠤᠨ ᠢ ᠳᠤᠭᠤᠯᠤᠨ᠎ᠠ ᠭᠡᠵᠤ
ᠳᠤᠤᠯᠠ ᠡᠴᠡ ᠡᠭᠢ ᠠᠪᠴᠤ ᠣᠷᠤᠰᠤᠨᠠᠮ
ᠳᠤᠤᠯᠠ ᠳᠡᠭ᠍ᠷᠢ ᠶᠢᠨ ᠮᠥᠷᠡᠨ
ᠨᠠᠳᠠ ᠪᠠᠷ ᠣᠷᠤᠰᠤᠨᠠᠮ
ᠬᠤᠭᠤᠷ ᠮᠠᠳᠤ ᠳᠠᠭᠤᠨ ᠢ ᠭᠠᠳᠤᠯᠤᠨᠠ ᠭᠡᠵᠤ
ᠬᠤᠨ ᠡᠴᠡ ᠵᠢᠭᠦᠷ ᠠᠪᠴᠤ ᠨᠢᠰᠤᠨᠠᠮ
ᠬᠤᠨ ᠭᠠᠵᠠᠷ ᠤᠨ ᠵᠢᠷᠦᠭᠡ
ᠣᠳᠤᠳ ᠶᠢᠠᠷ ᠡᠮᠳᠡᠷᠡᠨᠡᠮ
ᠳᠠᠭᠤᠨ ᠮᠠᠳᠤ ᠬᠠᠢ᠌ᠷ᠎ᠠ ᠶᠢ ᠳᠠᠨᠢᠨ᠎ᠠ ᠭᠡᠵᠤ
ᠨᠢᠳᠤᠨ ᠡᠴᠡ ᠥᠭᠡ ᠠᠪᠴᠤ ᠪᠣᠴᠠᠨᠠᠮ
ᠨᠢᠳᠤᠨ ᠳᠤᠤᠯᠠ ᠶᠢᠨ ᠴᠢᠯᠠᠭᠤᠳ
ᠣᠰᠤᠨ ᠶᠢᠠᠷ ᠣᠭᠢᠯᠠᠨᠠᠮ
ᠪᠦᠷᠦᠢ ᠮᠠᠳᠤ ᠠᠭᠤᠯᠠ ᠶᠢ ᠳᠠᠪᠠᠨ᠎ᠠ ᠭᠡᠵᠤ
ᠨᠠᠷᠠᠨ ᠡᠴᠡ ᠭᠡᠷᠡᠯ ᠠᠪᠴᠤ ᠠᠯᠬᠤᠨᠠᠮ
ᠨᠠᠷᠠᠨ ᠭᠡᠷᠡᠯ ᠤᠨ ᠪᠦᠷᠦᠢ
ᠪᠣᠷᠤᠭᠠᠨ ᠶᠢᠠᠷ ᠰᠢᠪᠠᠨᠠᠨᠠᠮ
ᠰᠠᠨᠠᠭᠠᠤᠨ ᠣᠯᠳᠠᠭ ᠠᠯᠤᠰ
ᠭᠡᠨ ᠨᠢᠭᠡᠨ ᠪᠠᠨ ᠳᠠᠭᠤᠳᠠᠭᠰᠠ ᠭᠦᠨ ᠨᠠᠮᠤᠷ ᠶᠢᠠᠷ
ᠳᠤᠤᠯᠠ ᠲᠡᠶ ᠪᠠᠨ ᠢᠷᠠᠨ᠎ᠠ ᠭᠡᠮᠡᠨ
ᠳᠡᠭ᠍ᠷᠢ ᠶᠢᠨ ᠣᠶᠤᠳᠠᠯ ᠢ ᠭᠦᠪᠦᠷᠳᠦᠨᠡᠮ
ᠳᠠᠠᠳᠠ ᠬᠠᠶᠠᠯᠠᠭᠰᠠᠨ ᠴᠡᠰᠤᠨ ᠶᠢᠡᠷ ᠤᠳᠦᠳ ᠤᠨ ᠭᠡᠯᠳᠡᠷᠭᠡᠢ ᠶᠢ ᠲ᠋ᠡᠭᠦᠨᠡᠮ᠁
ᠵᠤᠬᠢᠶᠠᠭᠴᠢ᠄ ᠭᠡ᠊·ᠬᠠᠷᠠᠪᠠᠷᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2008 ᠤᠨ ᠤ 12 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ