☆ ᠶᠢᠨ ᠯᠦᠩ
ᠨᠢᠭᠤᠴᠠ ᠠᠮᠠᠷᠠᠭ ᠵᠡᠭᠦᠳᠤ
ᠴᠢ ᠮᠢᠨᠢ
ᠵᠡᠭᠦᠳᠤᠨ ᠤ ᠪᠦᠷᠦᠩᠭᠡᠨ ᠥᠷᠳᠡᠭᠡ ᠵᠥᠭ᠌
ᠵᠢᠷᠦᠭᠡᠨ ᠤ ᠮᠢᠩᠭ᠋ᠠᠨ ᠴᠤᠭᠢᠯᠠᠭᠠ ᠳᠠᠯᠠᠰᠴᠤ
ᠴᠢ ᠮᠢᠨᠢ ᠢᠷᠠᠵᠤ ᠶᠠᠪᠣᠨ᠎ᠠ᠂
ᠵᠢᠷᠦᠭᠡᠨ ᠤ ᠪᠣᠮᠠᠨ ᠳᠤᠷᠠᠰᠤᠮᠵᠢ ᠭᠡᠯᠭᠢᠵᠤ
ᠵᠡᠭᠦᠳᠤᠨ ᠤ ᠪᠢᠰᠢ᠂ ᠦᠨᠡᠨ ᠤ ᠳᠠᠪᠢᠯᠠᠩ ᠶᠢᠡᠷ
ᠴᠢ ᠮᠢᠨᠢ ᠶᠠᠪᠣᠵᠤ ᠠᠷᠢᠯᠤᠨ᠎ᠠ ᠁
ᠨᠢᠯᠪᠣᠰᠤᠨ ᠤ ᠴᠠᠭᠠᠨ᠎ᠠ
ᠨᠢᠯᠪᠣᠰᠤᠨ ᠤ ᠴᠠᠭᠠᠨ᠎ᠠ
ᠭᠤᠴᠢᠨ ᠬᠠᠪᠣᠷ ᠮᠢᠨᠢ
ᠣᠢ᠌ᠤᠠᠬᠠᠷᠳᠠᠢ ᠱᠤᠤᠭᠢᠨ᠎ᠠ᠂
ᠨᠢᠯᠪᠣᠰᠤᠨ ᠤ ᠴᠠᠭᠠᠨ᠎ᠠ
ᠭᠤᠪᠠᠢ᠌ᠬᠠᠨ ᠳᠦᠷᠭᠦ ᠴᠢᠨᠢ
ᠣᠴᠢᠷᠳᠠᠢ ᠳᠤᠷᠣᠢ᠌ᠨᠠ ᠁
ᠨᠢᠭᠤᠴᠠ ᠠᠮᠠᠷᠠᠭ ᠵᠡᠭᠦᠳᠤ
ᠬᠠᠷᠭᠢᠶᠠᠳᠤᠨ ᠬᠠᠷᠭᠢᠶᠠᠳᠤᠨ ᠮᠥᠩᠭᠦᠷᠡᠭᠡᠳ
ᠨᠤᠳᠤᠭ ᠤᠨ ᠭᠤᠤᠯ ᠰᠤᠨᠤᠯᠵᠠᠨ᠎ᠠ
ᠬᠠᠨᠢᠰᠤᠨ ᠬᠠᠨᠢᠰᠤᠨ ᠡᠷᠢᠭ᠍ᠳᠡᠭᠡᠳ
ᠨᠤᠮᠤᠬᠠᠨ ᠪᠣᠷᠤ ᠶᠢ ᠮᠢᠨᠢ ᠰᠠᠨᠠᠭᠳᠠᠭᠤᠯᠤᠨ᠎ᠠ᠃
ᠳᠤᠤᠯᠠ ᠶᠢᠨ ᠣᠶᠠᠬᠠᠨ ᠳᠤᠯᠭᠢᠶ᠎ᠠ ᠴᠤ ᠶᠤᠮ ᠦᠦ ︖
ᠨᠠᠢ᠌ᠷᠠᠭ ᠤᠨ ᠣᠩᠭ᠋ᠤᠳ ᠳᠡᠪᠢᠯᠵᠡᠭᠦᠯᠦᠨᠡ᠃
ᠳᠤᠨᠤᠮᠠᠯ ᠬᠠᠷ᠎ᠠ ᠨᠢᠳᠤᠨ ᠴᠢ ᠮᠢᠨᠢ
ᠨᠢᠭᠤᠴᠠ ᠠᠮᠠᠷᠠᠭ ᠵᠡᠭᠦᠳᠤ ᠯᠠ ᠪᠠᠢ᠌ᠪᠠ ᠦᠦ ᠁
ᠵᠤᠬᠢᠶᠠᠭᠴᠢ ᠶᠢᠨ ᠬᠠᠶᠢᠭ ᠄ ᠵᠠᠷᠤᠳ ᠬᠤᠰᠢᠭᠤ ᠭᠠᠬᠠᠢ᠌ᠳᠤ ᠰᠤᠷᠭᠠᠭᠤᠯᠢ
ᠵᠤᠬᠢᠶᠠᠭᠴᠢ᠄ ᠶᠢᠨ ᠯᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2650
ᠴᠠᠭ᠄ 2010 ᠤᠨ ᠤ 01 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ