ᠨᠡᠪᠲᠡᠷᠡᠨ ᠤᠷᠤᠬᠤ
ᠭᠡᠷᠢᠶᠡᠰᠦ

ᠪᠠᠢ᠌ᠭᠠᠯᠢ ᠶᠢᠨ ᠲᠦᠷᠦᠳᠠᠰᠤ ᠪᠣᠯᠤᠭᠰᠠᠨ ᠶ‍ᠢᠷᠳᠢᠠᠴᠤ ᠶᠢᠨ ᠭᠦᠮᠤᠨ ᠪᠠᠢ᠌ᠭᠠᠯᠢ ᠶᠢᠨ ᠵᠢᠮ᠎ᠡ ᠪᠡᠷ ᠨᠠᠪᠴᠢᠯᠠᠵᠤ ᠰᠤᠶᠤᠭᠠᠯᠠᠬᠤ ᠬᠠᠳᠠᠵᠤ ᠬᠤᠪᠬᠠᠢ᠌ᠷᠠᠳᠡᠬ ᠶᠤᠰᠤᠳᠡᠢ᠃ ᠰᠤᠶᠤᠯ ᠰᠢᠡᠵᠢᠯᠡᠭᠦ ᠣᠬᠠᠭᠠᠨ ᠳᠡᠭᠡᠳᠤ ᠭᠡᠮᠵᠢᠶ᠎ᠡ ᠪᠠᠷ ᠭᠦᠭ᠍ᠵᠢᠭ᠍ᠰᠡᠨ ᠦᠨᠦᠳᠤᠷ᠂ ᠳᠤᠰᠬᠠᠢ᠌ᠯᠠᠨ ᠣᠷᠳᠤ ᠨᠠᠰᠤᠯᠠᠬᠤ ᠦᠷᠢᠯ ᠨᠠᠢ᠌ᠷᠠᠬᠤ ᠭᠦᠮᠤᠨ ᠦᠭᠡᠶ ᠪᠣᠯᠤᠭᠰᠠᠨ ᠴᠤ᠂《ᠡᠢ᠌ᠮᠤ ᠳᠠᠯᠬ᠎ᠠ》 ᠪᠢᠰᠢ ᠪᠣᠯ《ᠳᠠᠢ᠌ᠮᠤ ᠥᠷᠢᠯ》 ᠤᠨ《ᠠᠯᠢᠪᠡ ᠡᠪᠠᠦᠡᠴᠢᠨ ᠢ ᠵᠡᠰᠡᠨ ᠡᠳᠡᠭᠡᠷᠡᠭᠦᠯᠦᠨ᠎ᠡ ᠂ ᠡᠪᠠᠦᠡᠴᠢᠨ ᠦᠭᠡᠶ ᠪᠣᠯ ᠣᠷᠳᠤ ᠨᠠᠰᠤᠯᠠᠭᠤᠯᠤᠨ᠎ᠠ》ᠭᠡᠭᠦ ᠵᠡᠷᠬᠡ ᠵᠢᠨ ᠰᠤᠷᠳᠡᠯᠴᠢᠯᠠᠭ᠎ᠠ ᠳᠤ᠂ ᠮᠥᠨ ᠪᠠᠭ᠎ᠠ ᠪᠤᠰᠤ ᠬᠦᠮᠤᠰ ᠡᠳ᠋ ᠮᠥᠩᠭᠦ ᠪᠠᠨ ᠤᠪᠤᠭ᠎ᠡ ᠳᠤᠪᠤᠭ᠎ᠡ ᠪᠡᠷ ᠳᠡᠯᠡᠭᠠᠷ ᠥᠷᠤᠵᠤ ᠂ ᠡᠨᠡ ᠨᠢ ᠬᠤᠷᠣ᠎ᠡ ᠳᠤ ᠮᠥᠩᠭᠡᠷᠡᠭᠦ ᠦᠭᠡᠢ ᠭᠡᠰᠡᠨ ᠭᠦᠮᠤᠨ ᠴᠤ ᠢᠯᠡᠭᠦᠤ ᠭᠡᠳᠤᠨ ᠵᠢᠯ ᠠᠮᠢᠳᠤᠷᠠᠬᠤ ᠶᠢ ᠭᠦᠰᠡᠭ᠍ᠰᠡᠨ ᠭᠤᠷᠢᠳᠠᠳᠡᠬ᠃

ᠶᠡᠷᠤᠨᠢ ᠨᠡᠰᠤ ᠠᠬᠰᠢᠷᠡᠬᠤ ᠳᠤᠳᠤᠮ ᠬᠢᠵᠤ ᠪᠥᠳᠤᠬᠡᠬᠡ ᠥᠬᠡᠢ ᠵᠥᠢᠯᠡᠰ ᠤᠯᠡᠰᠢᠷᠡᠬᠤ ᠰᠢᠬ ᠪᠡᠢ᠌ᠳᠡᠬ᠃ ᠡᠢ᠌ᠨᠬᠦ᠂ ᠡᠨᠡ ᠬᠤᠷᠣ᠎ᠡ ᠳᠡᠬᠢ ᠭᠱᠡᠨ᠎ᠡ ᠠᠮᠢᠳᠤᠷᠡᠯ ᠤᠨ ᠳᠥᠡᠭ ᠳᠤ ᠬᠠᠭᠠᠰ ᠳᠤᠳᠠᠭᠤ ᠣᠷᠭᠢᠭᠰᠠᠨ ᠶᠢᠡᠨ ᠦᠷ᠎ᠡ ᠭᠡᠦᠭᠡᠤᠨ ᠲᠡᠭᠡᠨ《ᠭᠡᠷᠢᠶᠡᠰᠤᠯᠡᠨ》ᠥᠯᠡᠳᠡᠬᠡᠳᠡᠭ᠃ ᠡᠢ᠌ᠨᠬᠦ ᠬᠦᠮᠤᠰ ᠪᠣᠯ ᠠᠵᠢᠯ ᠣᠢ᠌ᠯᠠᠰᠴᠢ ᠭᠦᠮᠤᠨ᠂ ᠰᠡᠳᠦᠭᠡᠤᠨ ᠪᠠᠷᠠᠬᠤ ᠦᠭᠡᠶ ᠲᠦᠰᠤᠪ᠂ ᠭᠢᠭᠡᠤᠨ ᠳᠠᠭᠤᠰᠤᠰᠢ ᠦᠭᠡᠶ ᠠᠵᠢᠯ ᠳᠡᠢ ᠪᠠᠢ᠌ᠳᠠᠭ ᠡᠴᠡ ᠦᠷ᠎ᠡ ᠭᠡᠦᠭᠡᠤᠨ ᠨᠢ ᠭᠡᠤᠨ ᠪᠡᠶᠡᠯᠡᠬᠦᠯᠬᠦ ᠳᠤ ᠪᠠᠷᠭᠡ ᠳᠡᠢ᠂ ᠣᠯᠠᠨ ᠣᠢ᠌ᠯᠠᠰ ᠭᠡᠷᠢᠶᠡᠰᠦ ᠪᠤᠯᠵᠤ ᠬᠤᠴᠤᠷᠬᠤ ᠨᠢ ᠳᠡᠮᠵᠢᠬ ᠥᠬᠡᠢ᠃ ᠭᠡᠳᠡᠯ᠎ᠡ᠂ ᠣᠯᠠᠩᠭᠢ ᠭᠦᠮᠤᠨ ᠶᠠᠭᠤᠨ ᠳᠤ ᠢᠷᠡᠭᠡᠤᠨ ᠶᠠᠭᠠᠭᠢᠵᠤ ᠶᠠᠪᠣᠬᠤ ᠪᠠᠨ ᠮᠡᠳᠡᠭᠦ ᠦᠭᠡᠶ ᠪᠠᠢ᠌ᠳᠠᠭ ᠡᠴᠡ ᠠᠳᠠᠭ ᠨᠢ ᠭᠡᠷᠢᠶᠡᠰᠤ ᠴᠤ ᠦᠭᠡᠶ ᠭᠡᠳᠡᠷᠭᠦ ᠬᠠᠠᠳᠤᠪᠠᠯ ᠪᠠᠷᠠᠴᠢᠬᠤ ᠭᠡᠷᠡᠭ᠌᠃ ᠴᠢ ᠳᠡᠭᠦᠨ ᠶᠢᠡᠷ ᠪᠢᠴᠢᠭᠦᠯᠦᠨ᠎ᠡ ᠭᠡᠪᠠᠯ ᠳᠠᠷᠠ ᠪᠢᠴᠢᠵᠤ ᠴᠢᠳᠠᠬᠤ ᠦᠭᠡᠶ᠂ ᠣᠴᠢᠷ ᠨᠢ ᠳᠠᠷᠠ ᠦᠪᠠᠰᠤᠪᠠᠨ ᠴᠤ ᠨᠢᠬᠡ ᠨᠡᠰᠤᠡ ᠳᠡᠭᠠᠨ ᠶᠠᠭᠤ ᠭᠢᠭᠦ ᠪᠠᠨ ᠮᠡᠳᠡᠭ᠍ᠰᠡᠨ ᠦᠭᠡᠶ ᠬᠦᠮᠤᠰ ︕ ᠬᠡᠶ᠎ᠡ᠂ ᠮᠤᠡᠭᠭᠤᠯ ᠤᠨ ᠮᠢᠨᠢ ᠪᠣᠭᠳᠠ ᠡᠵᠡᠨ ᠴᠢᠩᠭᠢᠰ ᠬᠠᠭᠠᠨ ᠬᠠᠷᠢᠨ᠂ ᠴᠢ ᠯᠢᠶᠠᠨ ᠠᠭᠤᠯᠠᠨ ᠳᠤ ᠳᠠᠩᠭ᠋ᠤᠳ ᠢ ᠳᠠᠢ᠌ᠯᠠᠵᠤ ᠪᠠᠢ᠌ᠬᠤ ᠳᠠᠭᠠᠨ ᠪᠠᠶ᠎ᠠ ᠨᠢ ᠶᠡᠭᠡ ᠴᠢᠯᠡᠭᠡᠷᠬᠦᠶ᠎ᠡ᠂ ᠡᠭᠦᠰᠭᠡᠵᠤ ᠳᠠᠯᠪᠢᠭᠰᠠᠨ ᠶᠡᠭᠡ ᠣᠢ᠌ᠯᠠᠰ ᠢ ᠨᠢ ᠳᠤᠳᠠᠭᠤ ᠣᠷᠭᠢᠬᠤ ᠡᠴᠡ ᠠᠶᠤᠭᠠᠤᠨ《ᠠᠯᠳᠠ ᠪᠠᠶ᠎ᠠ ᠮᠢᠨᠢ ᠠᠯᠵᠢᠶᠠᠪᠠᠯ ᠠᠯᠵᠢᠶᠠᠳᠤᠭᠠᠢ᠂ ᠠᠬᠤ ᠲᠦᠷᠦ ᠮᠢᠨᠢ ᠪᠣᠤ ᠯᠠ ᠠᠯᠳᠠᠷᠠᠳᠤᠭᠠᠢ》ᠭᠡᠵᠤ ᠭᠡᠷᠢᠶᠡᠰᠦᠯᠡᠭ᠍ᠰᠡᠨ ᠪᠡᠢ᠌ᠳᠡᠬ᠃ ᠶᠤᠰᠤᠳᠡᠢ ᠪᠠᠭᠠᠳᠤᠷ ᠵᠠᠩᠵᠤᠨ ᠪᠠᠭ᠎ᠠ ᠴᠡᠷᠢᠭ᠌ ᠤᠨ ᠥᠭᠡ ᠶᠢ ᠭᠡᠯᠡᠭᠦ ᠦᠭᠡᠶ᠂ ᠪᠠᠷᠰ ᠢᠷᠪᠢᠰ ᠳᠠᠤᠯᠠᠢ ᠶᠢᠨ ᠵᠢᠮ ᠶᠢᠡᠷ ᠶᠠᠪᠣᠬᠤ ᠦᠭᠡᠶ ᠨᠢ ᠥᠨᠡᠨ᠃

ᠭᠦᠷᠤᠨ ᠲᠦᠷᠦ ᠶᠢᠨ ᠶᠡᠭᠡ ᠭᠡᠷᠡᠭ᠌ ᠲᠤ ᠰᠠᠨᠠᠭᠠᠰᠢᠷᠠᠨ ᠭᠡᠷᠢᠶᠡᠰᠦᠯᠡᠭᠦ ᠭᠦᠮᠤᠨ ᠴᠥᠭᠡᠨ ᠪᠠᠢ᠌ᠬᠤ ᠳᠤ᠂ ᠭᠡᠷ ᠵᠠᠭᠤᠷ᠎ᠠ ᠶᠢᠨ ᠠᠷᠰᠠᠷ ᠣᠴᠢᠷ ᠲᠤ ᠳᠠᠳᠠᠯᠳᠠᠬᠤ ᠭᠦᠮᠤᠨ ᠬᠠᠷᠢᠨ ᠣᠯᠠᠨ ᠪᠠᠢ᠌ᠳᠠᠭ᠃ ᠠᠩᠭ᠌ᠯᠢ ᠶᠢᠨ ᠠᠯᠳᠠᠷᠳᠤ ᠵᠤᠬᠢᠶᠠᠯᠴᠢ ᠪᠦᠭᠡᠤᠨ ᠳᠤᠭᠠᠨ ᠤ ᠣᠬᠠᠭᠠᠠᠳᠠᠨ ᠳ᠋ᠤᠷᠰᠤᠨ ᠨᠠᠰᠤ ᠪᠠᠷᠠᠬᠤ ᠳᠠᠭᠠᠨ ᠬᠠᠵᠠᠭᠤᠳᠠᠭᠢ ᠭᠦᠮᠤᠨ ᠳᠡᠬᠡᠨ《ᠡᠨᠡ ᠳᠠᠷ᠎ᠠ ᠶᠢ ᠠᠪᠣᠭᠠᠤᠨ ᠶᠠᠪᠣ᠂ ᠪᠢ ᠣᠳᠤ ᠪᠠᠷᠤᠭ ᠵᠠᠷᠤᠬᠤ ᠡᠴᠡ ᠥᠩᠭᠡᠷᠡᠭ᠍ᠰᠡᠨ ︕》ᠭᠡᠵᠤ ᠭᠡᠷᠢᠶᠡᠰᠦᠯᠡᠵᠡᠢ᠃ ᠥᠭᠦᠯ ᠤᠨ ᠳᠡᠮᠡᠴᠡᠬᠡᠨ ᠳᠤ ᠡᠢ᠌ᠨᠬᠦ ᠠᠭᠤᠵᠢᠮ ᠳᠠᠯᠪᠢᠭᠤ ᠣᠪᠣᠷ ᠳᠡᠢ ᠬᠦᠮᠤᠰ ᠴᠥᠬᠡᠨ ᠪᠡᠢ᠌ᠳᠡᠬ ᠃ ᠹᠷᠠᠠᠼᠢ ᠶᠢᠨ ᠶᠡᠭᠡ ᠵᠤᠬᠢᠶᠠᠯᠴᠢ ᠷᠡᠪᠯᠧ ᠨᠠᠰᠤ ᠪᠠᠷᠠᠬᠤ ᠦᠶ᠎ᠡ ᠳᠡᠭᠡᠨ ᠥᠵᠡᠭᠦ ᠪᠠᠷ ᠢᠷᠡᠭ᠍ᠰᠡᠨ ᠠᠬ᠎ᠠ ᠳᠡᠭᠦᠤ ᠨᠡᠷ ᠲᠠᠭᠠᠨ 《ᠭᠦᠰᠢᠭᠡ ᠶᠢ ᠪᠠᠭᠤᠯᠭᠠᠴᠢᠬ᠎ᠠ᠂ ᠢᠨᠢᠶᠠᠳᠤᠮᠳᠤ ᠵᠥᠴᠦᠭᠡ ᠶᠢ ᠳᠤᠭᠯᠠᠭᠠᠤᠨ ᠪᠠᠷᠠᠭᠰᠠᠨ ᠰᠢᠤ ︕》ᠭᠡᠵᠤ ᠱᠤᠭ ᠭᠠᠷᠭᠠᠭᠰᠠᠨ ᠪᠠᠢ᠌ᠨ᠎ᠠ᠃ ᠳᠡᠭᠦᠨ ᠤ ᠥᠵᠡᠭᠦ ᠪᠠᠷ᠂ ᠭᠦᠮᠤᠨ ᠤ ᠶ‍ᠢᠷᠳᠢᠠᠴᠤ ᠳᠤ ᠢᠷᠡᠭ᠍ᠰᠡᠨ ᠨᠢ ᠱᠤᠭ ᠵᠥᠴᠦᠭᠡ ᠳᠤᠭᠯᠠᠬᠤ ᠪᠠᠷ ᠢᠷᠡᠭ᠍ᠰᠡᠨ ᠳᠠᠳᠣᠢ᠌ᠯᠠ᠃

《ᠠᠷᠤᠤᠬᠠᠨ ᠪᠠᠭᠠᠳᠤᠷ ᠤᠨ ᠠᠮᠢᠰᠬᠤᠯ ᠣᠬᠤᠷ ᠠᠳᠠᠯ᠎ᠠ ᠦᠬᠢᠤᠨ ᠭᠦᠪᠠᠭᠦᠤᠨ ᠤᠨ ᠰᠤᠨᠭᠢᠯᠭᠡ ᠭᠦᠨ 》ᠭᠡᠳᠡᠭ᠍ᠴᠢᠯᠡᠨ ᠠᠩᠭ᠌ᠯᠢ ᠶᠢᠨ ᠨᠠᠷᠠᠳᠤ ᠵᠥᠴᠦᠭᠡ ᠶᠢᠨ ᠵᠤᠬᠢᠶᠠᠯᠴᠢ ᠸᠸᠰᠷᠢ ᠥᠳᠡᠯᠡᠭᠡ ᠨᠠᠰᠤᠨ ᠳᠠᠭᠠᠨ ᠵᠠᠯᠠᠭᠤ ᠪᠠᠷᠢ ᠪᠠᠭᠤᠯᠭᠠᠭᠠᠤᠨ ᠭᠡᠳᠤᠨ ᠵᠢᠯ ᠪᠣᠯᠤᠭᠰᠠᠨ ᠦᠭᠡᠶ ᠡᠷᠯᠢᠭ᠌ ᠤᠨ ᠡᠭᠦᠳᠡ ᠶᠢ ᠳᠤᠭᠰᠢᠬᠤ ᠪᠠᠷ ᠪᠣᠯᠵᠠᠢ ᠃ ᠳᠡᠭᠡᠭᠡᠤᠨ ᠣᠷᠤᠨ ᠤ ᠭᠢᠨᠢ ᠳᠡᠷᠭᠡᠳᠡ ᠨᠢᠯᠪᠣᠰᠤ ᠣᠨᠠᠵᠤ ᠵᠤᠭᠰᠤᠭ᠎ᠠ ᠵᠠᠯᠠᠭᠤ ᠬᠠᠳᠤᠨ ᠳᠠᠭᠠᠨ《ᠨᠠᠳᠠᠳᠤ ᠳᠠᠩᠭ᠋ᠠᠷᠢᠭᠯᠠᠭᠠᠴᠢ᠂ ᠳᠠᠭᠢᠭᠠᠤᠨ ᠶᠠᠭᠠᠭᠢᠭᠰᠠᠨ ᠴᠤ ᠨᠠᠰᠤᠳᠠᠢ ᠭᠦᠮᠤᠨ ᠲᠡᠶ ᠣᠷᠤᠭᠯᠠᠬᠤ ᠦᠭᠡᠶ ᠭᠡ ︕》ᠭᠡᠵᠤ ᠬᠠᠳᠠᠭᠤ ᠳᠠᠩᠭ᠋ᠠᠷᠢᠭ ᠭᠢᠯᠭᠡᠵᠤ ᠪᠠᠢ᠌ᠮᠠᠨ ᠰᠠᠶ‍ᠢ ᠰᠠᠨᠠᠭ᠎ᠠ ᠠᠮᠠᠷᠠᠭᠠᠤᠨ ᠮᠤᠷᠳᠠᠵᠠᠢ᠃ ᠳᠡᠭᠦᠨ ᠤ ᠬᠠᠮᠤᠭ ᠰᠠᠨᠠᠭᠠᠰᠢᠷᠠᠳᠠᠭ ᠶᠠᠪᠣᠳᠠᠯ ᠨᠢ ᠡᠭᠡᠨᠡᠷ ᠨᠢ ᠥᠭᠡᠷ᠎ᠡ ᠵᠠᠯᠠᠭᠤ ᠡᠷᠢᠭᠦ ᠦᠭᠡᠶ ᠬᠠᠷᠢᠨ ᠵᠥᠨᠦᠭ᠍ᠰᠢᠷᠡᠭ᠍ᠰᠡᠨ ᠡᠪᠦᠭᠡᠨ ᠡᠷᠢᠭᠦ ᠶᠠᠪᠣᠳᠠᠯ ᠪᠣᠯᠤᠨ᠎ᠠ᠃

ᠶᠡᠷᠤᠨᠢ ᠭᠦᠮᠤᠨ ᠥᠭᠦᠯ ᠢ ᠳᠤᠷᠠᠤᠠᠬᠤ ᠡᠴᠡ ᠠᠶᠤᠳᠠᠭ᠂ ᠬᠡᠶ᠎ᠡ᠂ ᠥᠬᠦᠵᠤ ᠬᠠᠯᠢᠬᠤ ᠶᠢ ᠣᠨᠳᠠᠬᠤ ᠶᠢᠨ ᠳᠠᠳᠤᠢ ᠴᠤ ᠪᠣᠳᠤᠬᠤ ᠦᠭᠡᠶ ᠰᠠᠢ᠌ᠨ ᠡᠷᠡᠰ ᠴᠤ ᠪᠠᠭ᠎ᠠ ᠪᠤᠰᠤ ᠪᠤᠢ᠃ ᠴᠢᠩ ᠣᠯᠤᠰ ᠤᠨ ᠦᠶ᠎ᠡ ᠳᠤ ᠥᠭᠦᠭᠦ ᠶᠠᠯᠠᠳᠠᠨ ᠢ ᠳᠤᠯᠤᠭᠠᠢ ᠶᠢ ᠨᠢ ᠣᠭᠳᠤᠯᠬᠤ ᠳᠤ ᠠᠶᠤᠬᠤ ᠳᠠᠭᠠᠨ ᠰᠢᠭᠡᠰᠤ ᠠᠯᠳᠠᠵᠤ ᠪᠠᠢ᠌ᠭᠰᠠᠨ ᠴᠤ ᠰᠦᠰᠦ ᠵᠤᠷᠢᠬ ᠰᠡᠢ᠌ᠨ ᠡᠷᠡᠴᠤᠳ ᠬᠠᠷᠢᠨ ᠯᠠᠷᠵᠢᠶ᠎ᠠ ᠳᠠᠳᠠᠵᠤ᠂《ᠬᠤᠷᠢᠨ ᠵᠢᠯ ᠤᠨ ᠰᠡᠭᠦᠯᠡᠷ ᠪᠠᠰᠠ ᠨᠢᠭᠡ ᠰᠠᠢ᠌ᠨ ᠡᠷ᠎ᠡ ᠪᠣᠰᠤᠭᠠᠤᠨ ᠢᠷᠠᠨ᠎ᠠ》ᠭᠡᠵᠤ ᠬᠤᠭᠤᠯᠠᠢ ᠴᠡᠴᠡᠷᠡᠭᠦᠯᠤᠨ ᠪᠠᠷᠭᠢᠷᠠᠳᠠᠭ ᠨᠢ ᠵᠤᠷᠰᠢᠯ ᠪᠣᠯᠴᠢᠬᠠᠭᠰᠠᠨ ᠶᠢᠡᠷ᠂ ᠱᠤᠬ ᠥᠵᠡᠳᠡᠭ᠌ ᠣᠯᠤᠰ ᠴᠤ ᠰᠤᠨᠢᠷᠬᠠᠬᠤ ᠪᠠᠨ ᠪᠠᠢ᠌ᠴᠢᠬᠠᠵᠠᠢ᠃ ᠡᠷᠳᠡᠨ ᠤ ᠭ᠌ᠷᠢᠭ᠌ ᠤᠨ ᠰᠢᠯᠭᠠᠷᠠᠭᠰᠠᠨ ᠳᠤᠭᠠᠨ ᠤ ᠣᠬᠠᠭᠠᠠᠳᠠᠨ ᠠᠷᡁᠸᠮᠸᠳ᠋᠂ ᠷᠤᠮ ᠤᠨ ᠳᠦᠷᠢᠮᠡᠭᠡᠢ᠌ᠯᠡᠭ᠍ᠴᠢᠤᠨ ᠳᠠᠭᠠᠷᠢᠨ ᠣᠷᠤᠵᠤ ᠢᠷᠡᠭᠡᠤᠨ ᠭᠦᠵᠦᠭᠦᠨ ᠳᠡᠭᠡᠷ᠎ᠡ ᠨᠢ ᠭᠢᠳᠤᠭ᠎ᠠ ᠳᠠᠯᠪᠢᠵᠤ ᠪᠠᠢ᠌ᠬᠤ ᠳᠤ᠄ 《ᠪᠠᠢ᠌ᠵᠠ ᠭᠡᠮ ︕ ᠮᠢᠨᠤ ᠳᠤᠯᠤᠭᠠᠢ ᠶᠢ ᠴᠠᠪᠴᠢᠬᠤ ᠡᠴᠡ ᠡᠮᠦᠨ᠎ᠡ ᠪᠢ ᠡᠨᠡ ᠳᠤᠭᠤᠷᠢᠭ ᠢ ᠪᠦᠳᠤᠨ ᠵᠢᠷᠤᠴᠢᠬᠠᠶ᠎ᠠ ︕》 ᠬᠡᠵᠤ ᠪᠠᠢ᠌ᠭᠰᠡᠨ᠃ ᠬᠤᠱᠤᠡᠭ ᠶ‍ᠥᠮᠦᠷᠯᠢᠭ᠌ ᠶᠢᠡᠷ ᠠᠯᠳᠠᠷᠰᠢᠭᠰᠠᠨ ᠠᠮᠸᠷᠢᠺᠠ ᠶᠢᠨ ᠠᠯᠳᠠᠷᠳᠤ ᠵᠤᠬᠢᠶᠠᠯᠴᠢ ᠮᠠᠺ᠂ ᠳᠸᠸᠢ᠌ᠨ ᠨᠠᠰᠤ ᠪᠠᠷᠠᠬᠤ ᠡᠴᠡ ᠪᠠᠨ ᠡᠮᠦᠨ᠎ᠡ ᠡᠪᠠᠦᠡᠴᠢᠳᠡᠨ ᠤ ᠣᠷᠤ ᠶᠢᠨ ᠳᠡᠷᠭᠡᠳᠡ ᠬᠤᠷᠡᠯᠳᠤᠬᠰᠡᠨ ᠬᠤᠷᠡᠯ ᠤᠨ ᠡᠴᠤᠰ ᠳᠡᠬᠡᠨ᠄《ᠪᠠᠶᠠᠷᠳᠠᠢ ︕ ᠳᠠᠷᠠᠭᠠᠪᠠᠷ ᠠᠭᠤᠯᠵᠠᠶ᠎ᠠ》ᠭᠡᠵᠤ ᠮᠥᠨ ᠠᠭᠤᠵᠢᠮ ᠳᠡᠯᠪᠢᠭᠤ ᠶᠢᠷᠳᠢᠨᠴᠤ ᠡᠴᠡ ᠠᠩᠬᠢᠵᠢᠷᠡᠬᠰᠡᠨ ᠪᠡᠢ᠌ᠳᠡᠬ᠃ ᠳᠡᠭᠦᠨ ᠳᠤ᠂ ᠥᠭᠦᠯ ᠪᠤᠯ ᠲᠦᠷ ᠴᠠᠭ ᠤᠨ ᠰᠠᠯᠤᠯᠳᠠ ᠳᠠᠳᠤᠢ ᠪᠠᠢ᠌ᠭᠰᠠᠨ ᠡ᠃ ᠡᠨᠤᠨᠭᠡᠭ᠌ ᠤᠨ ᠸᠠᠩ ᠤᠨ ᠭᠦᠪᠠᠭᠦᠨ ᠂ ᠰᠢᠷ᠎ᠠ ᠶᠢᠨ ᠱᠠᠰᠢᠨ ᠤ ᠡᠭᠦᠳᠦᠭ᠍ᠴᠢ ᠱᠠᠭᠵᠠᠮᠤᠨᠢ ᠨᠢᠷᠸᠠᠨ ᠳᠦᠷᠢ ᠥᠵᠡᠭᠦᠯᠭᠦ ᠡᠴᠡ ᠪᠠᠨ ᠡᠮᠦᠨ᠎ᠡ ᠄ 《 ᠨᠠᠮᠠᠢ᠌ ᠬᠠᠢ᠌ᠷᠠᠯᠠᠳᠠᠭ ᠪᠣᠢ ᠪᠦᠭᠦᠢ ᠭᠦᠮᠦᠰ ᠴᠡᠭᠡᠵᠢᠯᠡᠵᠤ ᠠᠪ ᠄ ᠳᠦᠷᠦᠭᠦ ᠡᠳᠦᠷ ᠪᠠᠢ᠌ᠪᠠᠯ ᠥᠭᠦᠭᠦ ᠡᠳᠦᠷ ᠪᠠᠰᠠ ᠪᠠᠢ᠌ᠨ᠎ᠠ ᠃ ᠣᠯᠠᠭᠠᠨ ᠳᠤᠭᠤᠰᠤᠨ ᠡᠴᠡ ᠳᠤᠤᠱᠳᠠᠢ ᠠᠩᠭᠢᠵᠢᠷᠠᠬᠤ ᠶᠢᠨ ᠳᠦᠯᠦᠭᠡ ᠰᠢᠠᠳᠠᠷᠠᠰᠢ ᠦᠭᠡᠶ ᠴᠢᠷᠮᠠᠢ᠌ᠭᠳᠤᠨ ︕ 》 ᠭᠡᠵᠤ ᠦᠨᠦ ᠬᠤᠭᠤᠰᠤᠨ ᠤ ᠣᠨᠤᠯ ᠶᠢᠡᠨ ᠰᠤᠷᠳᠠᠯᠴᠢᠯᠠᠭᠠᠤᠨ ᠵᠠᠪᠳᠤᠴᠢᠬᠠᠭᠰᠠᠨ ᠪᠠᠢ᠌ᠬᠤ ᠦᠭᠡᠶ ᠦᠦ︖

ᠣᠷᠴᠢᠨ ᠦᠶ᠎ᠡ ᠶᠢᠨ ᠳᠠᠢ᠌ᠴᠢᠨ ᠵᠤᠬᠢᠶᠠᠯᠴᠢ ᠯᠤ ᠰᠢᠶᠦ᠋ᠨ ᠪᠠᠭᠰᠢ ᠶᠢ ᠪᠢᠰᠢᠷᠡᠭᠦ ᠦᠭᠡᠶ ᠭᠦᠮᠤᠨ ᠬᠤᠪᠣᠷ ᠪᠠᠢ᠌ᠳᠠᠭ ᠃ ᠳᠠᠷᠠ 《 ᠥᠭᠦᠯ 》 ᠭᠡᠰᠡᠨ ᠵᠤᠬᠢᠶᠠᠯ ᠳᠠᠭᠠᠨ 《 ᠪᠢ ᠭᠡᠷᠪᠡ ᠪᠠᠶᠠᠨ ᠰᠠᠷᠳᠠᠸᠠᠭᠢ ᠪᠠᠢ᠌ᠭᠰᠠᠨ ᠪᠣᠯ ᠭᠦᠤ ᠪᠣᠯᠤᠨ ᠭᠦᠷᠭᠡᠨ ᠭᠡᠳᠥᠢᠨᠡᠢ ᠨᠠᠮᠠᠢ᠌ ᠠᠯᠪᠠᠳᠠᠵᠤ ᠪᠠᠢ᠌ᠭᠠᠤᠨ ᠭᠡᠷᠢᠶᠡᠰᠤ ᠪᠢᠴᠢᠭᠦᠯᠴᠢᠭᠡᠭ᠍ᠰᠡᠨ ᠪᠠᠢ᠌ᠬᠤ ᠃ ᠭᠡᠳᠡᠯ᠎ᠡ ᠣᠳᠤ ᠭᠡᠨ ᠴᠤ ᠡᠨᠡ ᠶᠠᠪᠣᠳᠠᠯ ᠢ ᠳᠤᠷᠠᠤᠠᠬᠤ ᠦᠭᠡᠶ ᠪᠣᠯᠬᠤᠷ ᠨᠢᠭᠡ ᠶᠠᠭᠤᠮ᠎ᠠ ᠡᠷᠢᠶᠡᠴᠡᠭᠡᠤᠨ ᠳᠠᠯᠪᠢᠴᠢᠬᠠᠶ᠎ᠠ 》 ᠭᠡᠪᠡ ᠃ ᠭᠡᠷᠢᠶᠡᠰᠤ ᠥᠭᠡ ᠨᠢ ᠄

《 ᠨᠢᠭᠡ ᠳᠤ᠂ ᠭᠠᠰᠢᠭᠤᠳᠠᠯ ᠤᠨ ᠶᠠᠪᠣᠳᠠᠯ ᠳᠤ ᠪᠣᠰᠤᠳ ᠤᠨ ᠨᠢᠭᠡ ᠰᠢᠷᠭᠡᠭ᠌ ᠵᠤᠭᠤᠰ ᠢ ᠴᠤ ᠠᠪᠴᠤ ᠪᠣᠯᠬᠤ ᠦᠭᠡᠶ᠃ ᠊᠊᠊᠊᠊᠊᠊᠊᠊᠊᠊᠊᠊᠊᠊ ᠊᠊᠊᠊᠊᠊᠊᠊᠊᠊᠊᠊᠊᠊᠊ ᠭᠡᠪᠠᠴᠤ ᠰᠠᠢ᠌ᠨ ᠨᠠᠢ᠌ᠵᠠ ᠶᠢᠨ ᠭᠢ ᠶᠢ ᠡᠭᠦᠨ ᠳᠤ ᠪᠠᠭᠳᠠᠭᠠᠬᠤ ᠦᠭᠡᠶ᠃

ᠬᠤᠶᠠᠷ ᠲᠤ᠂ ᠳᠤᠤᠷ᠎ᠠ ᠨᠢ ᠠᠪᠰᠠᠯᠠᠭᠠᠤᠨ ᠪᠣᠯᠠᠵᠤ ᠣᠷᠭᠢ ᠂ ᠶᠠᠪᠣᠳᠠᠯ ᠶᠢᠡᠨ ᠳᠦᠷᠭᠡᠨ ᠪᠠᠷᠠᠭᠠᠭ᠎ᠠ ︕

ᠭᠤᠷᠪᠠ ᠳᠤ᠂ ᠶᠠᠮᠠᠷᠪᠠ ᠭᠠᠰᠢᠭᠤᠳᠠᠯ ᠳᠤᠷᠠᠰᠬᠠᠯ ᠤᠨ ᠠᠵᠢᠯᠯᠠᠭ᠎ᠠ ᠶᠠᠪᠣᠭᠤᠯᠵᠤ ᠪᠣᠯᠬᠤ ᠦᠭᠡᠶ᠃

ᠳᠦᠷᠪᠡ ᠳᠤ᠂ ᠨᠠᠮᠠᠢ᠌ ᠮᠠᠷᠳᠠᠴᠢᠬ᠎ᠠ ︕ ᠦᠪᠡᠷ ᠤᠨ ᠶᠠᠪᠣᠳᠠᠯ ᠶᠢᠡᠨ ᠪᠣᠳᠤ ᠃ ᠳᠡᠭᠡᠭᠦ ᠦᠭᠡᠶ ᠪᠣᠯ ᠥᠨᠡᠭᠡᠷ ᠵᠥᠨᠦᠭ᠌ ᠠᠮᠢᠳᠠᠨ ᠮᠦᠨ ᠃

ᠳᠠᠪᠣ ᠳᠤ᠂ ᠭᠡᠦᠭᠡᠤᠨ ᠥᠰᠦᠭᠡᠤᠨ ᠳᠦᠭᠦᠭᠡ ᠣᠷᠤᠪᠠᠯ ᠵᠥᠭᠡᠷ ᠰᠢᠭ᠌ ᠠᠵᠢᠯ ᠣᠯᠤᠭᠠᠤᠨ ᠭᠢᠯᠭᠡᠴᠢᠭᠡ ᠃ ᠪᠣᠤ ᠯᠠ ᠬᠤᠭᠤᠰᠤᠨ ᠠᠯᠳᠠᠷ ᠭᠡᠢ ᠨᠢᠳᠠᠷ ᠲᠡᠶ ᠵᠤᠬᠢᠶᠠᠯᠴᠢ ᠣᠷᠯᠢᠭᠴᠢ ᠪᠣᠯᠭ᠎ᠠ ᠃

ᠵᠢᠷᠭᠤᠭ᠎ᠠ ᠳᠤ᠂ ᠥᠭᠡᠷ᠎ᠡ ᠭᠦᠮᠤᠨ ᠴᠢᠮᠠᠳᠤ ᠠᠮᠠᠯᠠᠭᠰᠠᠨ ᠢ ᠪᠣᠤ ᠯᠠ ᠢᠳᠡᠭᠡ ᠃

ᠳᠤᠯᠤᠭ᠎ᠠ ᠳᠤ᠂ ᠪᠣᠰᠤᠳ ᠤᠨ ᠨᠢᠳᠤᠨ ᠳᠤ ᠰᠢᠷᠤᠢ ᠭᠢᠵᠤ ᠪᠠᠢ᠌ᠭᠠᠤᠨ ᠪᠠᠰᠠ ᠡᠰᠡᠷᠭᠦᠴᠡᠨ ᠬᠠᠷᠢᠭᠤᠴᠠᠬᠤ ᠶᠢ ᠵᠥᠪᠰᠢᠶᠡᠷᠡᠳᠡᠭ᠌ ᠦᠭᠡᠶ ᠭᠦᠮᠤᠨ ᠲᠡᠶ ᠭᠡᠵᠢᠶᠡᠳᠡ ᠣᠢ᠌ᠷᠠᠳᠤᠵᠤ ᠪᠣᠯᠬᠤ ᠦᠭᠡᠶ》 ᠭᠡᠵᠤ ᠳᠡᠮᠳᠡᠭᠯᠡᠵᠡᠢ ᠃

ᠯᠤ ᠰᠢᠶᠦ᠋ᠨ ᠪᠠᠭᠰᠢ ᠶᠢᠨ ᠡᠨᠡ ᠭᠡᠷᠢᠶᠡᠰᠤ ᠭᠠᠭᠴᠠᠬᠠᠨ ᠭᠡᠷ ᠪᠦᠯᠢ ᠳᠡᠭᠡᠨ ᠰᠤᠷᠭᠠᠯ ᠳᠠᠳᠤᠢ ᠪᠣᠯᠤᠭᠰᠠᠨ ᠦᠭᠡᠶ᠂ ᠪᠦᠭᠦ ᠭᠦᠮᠤᠨ ᠲᠦᠷᠦᠯᠭᠢᠳᠠᠨ ᠳᠤ ᠴᠤ ᠰᠡᠩᠭᠡᠷᠡᠭᠦᠯᠦᠯ ᠪᠣᠯᠵᠠᠢ ᠃ ᠭᠡᠷᠢᠶᠡᠰᠤ ᠡᠢ᠌ᠮᠤ ᠭᠡᠮᠵᠢᠶᠡᠨ ᠳᠤ ᠭᠦᠷᠦᠭ᠍ᠰᠡᠨ ᠤ ᠬᠣᠢ᠌ᠨ᠎ᠠ ᠭᠡᠳᠥᠢᠨᠡᠢ ᠭᠡᠷ ᠪᠦᠯᠢ ᠶᠢᠨ ᠵᠢᠵᠢᠭ᠌ ᠭᠡᠪᠴᠢᠶᠡᠨ ᠡᠴᠡ ᠳᠠᠪᠠᠵᠤ ᠂ ᠴᠢᠨᠠᠭᠰᠢᠯᠠᠭᠠᠤᠨ ᠣᠯᠤᠰ ᠤᠨ ᠭᠢᠯᠢ ᠶᠢ ᠴᠤ ᠳᠠᠪᠠᠭᠠᠤᠨ ᠭᠦᠮᠤᠨ ᠲᠦᠷᠦᠯᠭᠢᠳᠠᠨ ᠤ ᠣᠶᠤᠨ ᠭᠦᠨᠡᠰᠤ ᠪᠣᠯᠤᠨ ᠬᠠᠳᠠᠭᠠᠯᠠᠭᠳᠠᠬᠤ ᠪᠣᠯᠳᠠᠭ ᠃

ᠭᠡᠷᠢᠶᠡᠰᠤ ᠨᠢ ᠳᠠᠯᠠᠢ᠌ᠭᠴᠢ ᠶᠢᠨ ᠨᠢᠭᠡ ᠪᠠᠳᠠᠭ ᠥᠭᠡ ᠂ ᠨᠢᠭᠡ ᠬᠠᠭᠤᠳᠠᠰᠤ ᠵᠠᠭᠢᠶ᠎ᠠ ᠶᠢᠨ ᠭᠡᠯᠪᠠᠷᠢ ᠪᠠᠷ ᠠᠮᠢᠳᠤ ᠬᠤᠴᠤᠷᠠᠠᠭᠰᠠᠤᠨ ᠲᠤ ᠥᠪᠯᠡᠭ᠍ᠳᠡᠨ ᠥᠯᠡᠳᠡᠭᠦ ᠳᠡᠭᠡᠨ ᠳᠠᠯᠠᠢ᠌ᠭᠴᠢ ᠶᠢᠨ ᠭᠦᠮᠤᠨ ᠮᠦᠰᠤ ᠂ ᠠᠮᠢᠳᠤᠷᠠᠯ ᠤᠨ ᠣᠪᠣᠷ ᠂ ᠭᠦᠰᠡᠯ ᠵᠤᠷᠢᠯᠳᠠ ᠪᠦᠭᠦᠨ ᠢ ᠳᠤᠳᠤᠬᠠᠨ ᠳᠤᠰᠬᠠᠵᠤ ᠪᠠᠢ᠌ᠳᠠᠭ ᠃ ᠳᠠᠯᠠᠢ ᠶᠢᠨ ᠳᠡᠭᠡᠷᠡᠮ ᠂ ᠳᠢᠪ ᠠᠯᠤᠰ ᠳᠤᠨᠤᠭᠠᠴᠢᠤᠨ ᠴᠦᠯᠪᠠᠵᠤ ᠣᠯᠤᠭᠰᠠᠨ ᠡᠳ᠋ ᠡᠷᠳᠡᠨᠢᠰ ᠶᠢᠡᠨ ᠵᠡᠯᠢᠭᠦᠤᠨ ᠠᠷᠠᠯ ᠂ ᠠᠭᠯᠠᠭ ᠠᠭᠤᠯᠠᠨ ᠤ ᠠᠰᠬ᠎ᠠ ᠠᠩᠭ᠋ᠠᠯ ᠳᠤ ᠨᠢᠭᠤᠵᠤ ᠂ ᠦᠷ᠎ᠡ ᠵᠤᠯᠵᠠᠭ᠎ᠠ ᠳᠠᠭᠠᠨ ᠦᠶ᠎ᠡ ᠶᠢᠨ ᠦᠶ᠎ᠡ ᠥᠮᠴᠢᠯᠡᠭᠦᠯᠭᠦ ᠪᠠᠷ ᠣᠨᠢᠰᠤᠭ᠎ᠠ ᠭᠡᠯᠪᠠᠷᠢᠳᠡᠢ ᠭᠡᠷᠢᠶᠡᠰᠤ ᠵᠤᠬᠢᠶᠠᠵᠤ ᠂ ᠡᠰᠡᠭᠦᠯ᠎ᠡ ᠡᠷᠳᠡᠨᠢᠰ ᠨᠢᠭᠤᠭᠰᠠᠨ ᠨᠢᠭᠤᠴᠠᠬᠠᠢ ᠵᠢᠷᠤᠭ ᠵᠢᠷᠤᠭᠠᠤᠨ ᠭᠡᠷᠢᠶᠡᠰᠦᠯᠡᠨ᠎ᠡ ᠃ ᠡᠨᠡ ᠨᠢᠭᠤᠴᠠ ᠵᠠᠳᠠᠷᠠᠵᠤ ᠨᠡᠢ᠌ᠭᠡᠮ ᠳᠡᠭᠡᠷ᠎ᠡ ᠣᠯᠠᠮᠵᠢᠯᠠᠭᠳᠠᠭᠠᠤᠨ ᠦᠷᠦᠨᠠᠳᠠᠭᠢᠨ ᠳᠤ ᠨᠢᠭᠡᠨ ᠦᠶ᠎ᠡ ᠡᠷᠳᠡᠨᠢᠰ ᠬᠠᠢ᠌ᠬᠤ ᠬᠠᠯᠠᠭᠤᠷᠠᠯ ᠢ ᠠᠪᠴᠢᠷᠠᠭᠰᠠᠨ ᠪᠠᠢ᠌ᠯ᠎ᠠ ᠃ ᠢᠩᠭᠢᠭᠡᠤᠨ ᠺᠢᠨᠣ᠊ ᠂ ᠳᠸᠯᠸᠢᠰ ᠵᠥᠴᠦᠭᠡ ᠂ ᠳᠤᠭᠤᠵᠢ ᠷᠤᠮᠠᠨ ᠳᠤ ᠡᠷᠳᠡᠨᠢ ᠬᠠᠢ᠌ᠭᠰᠠᠨ ᠠᠶᠤᠯ ᠭᠡᠨᠡᠨ ᠂ ᠠᠯᠠᠯᠳᠤᠭᠠᠨ ᠱᠤᠯᠤᠭᠠᠨ ᠶᠢᠡᠷ ᠳᠦᠭᠦᠷᠡᠭ᠍ᠰᠡᠨ ᠣᠷᠠᠨ ᠵᠤᠬᠢᠶᠠᠯ ᠨᠢ ᠨᠢᠭᠡᠨ ᠦᠶ᠎ᠡ ᠰᠤᠶᠤᠯ ᠤᠨ ᠳᠠᠪᠴᠠᠩ ᠳᠤ ᠪᠠᠢ᠌ᠷᠢ ᠠᠪᠣᠭᠰᠠᠨ ᠪᠠᠢ᠌ᠪᠠ ᠃ ᠳᠡᠭᠡᠭᠦ ᠳᠤ᠂ ᠭᠡᠷᠢᠶᠡᠰᠤ ᠨᠢ ᠠᠩᠭ᠋᠎ᠠ ᠭᠡᠦᠭᠡᠤᠨ ᠲᠡᠭᠡᠨ ᠰᠤᠷᠭᠠᠯ ᠳᠠᠳᠤᠢ ᠦᠭᠡᠶ᠂ ᠠᠷᠠᠤᠨ ᠲᠦᠮᠡᠨ ᠳᠤ ᠴᠤ ᠠᠷᠤᠤᠬᠠᠨ ᠳᠠᠭᠤᠷᠢᠶᠠᠯ ᠪᠣᠯᠵᠤ ᠴᠢᠳᠠᠭᠰᠠᠨ ᠪᠠᠢ᠌ᠪᠠᠯ ᠪᠣᠳᠢ ᠮᠤᠳᠤᠨ ᠤ ᠦᠷ᠎ᠡ ᠠᠳᠠᠯᠢ ᠪᠣᠶᠠᠨ ᠤ ᠵᠢᠮᠢᠰ ᠰᠠᠭᠤᠯᠭᠠᠵᠤ ᠬᠠᠷ᠎ᠠ ᠳᠤᠯᠤᠭᠠᠢ᠌ᠳᠠᠨ ᠳᠤ ᠬᠠᠪᠣ ᠵᠢᠷᠭᠠᠯ ᠢ ᠡᠳ᠋ᠯᠡᠭᠦᠯᠵᠤ ᠴᠢᠳᠠᠨ᠎ᠠ ᠃

ᠬᠠᠷᠢᠨ ᠬᠠᠷᠠᠰᠠᠯ ᠵᠠᠨᠤᠯ ᠤᠨ ᠦᠨᠳᠦᠰᠦ ᠬᠠᠤᠠᠬᠤᠵᠤ ᠶᠠᠯ᠎ᠠ ᠭᠢᠯᠢᠠᠴᠠ ᠶᠢᠨ ᠰᠤᠶᠤᠭ᠎ᠠ ᠨᠠᠭᠢᠶᠠᠯᠠᠭᠤᠯᠤᠭᠰᠠᠨ ᠪᠣᠯ ᠭᠦᠮᠤᠨ ᠲᠦᠷᠦᠯᠭᠢᠳᠠᠨ ᠳᠤ ᠭᠦᠨᠦᠭᠡᠯ ᠭᠠᠮᠰᠢᠭ ᠤᠨ 《ᠳᠡᠰᠦᠷᠡᠭ᠍ᠴᠢ ᠪᠦᠮᠪᠦᠭᠡ》 ᠪᠣᠯᠠᠵᠤ ᠳᠠᠯᠪᠢᠭᠰᠠᠨ ᠯᠤᠭ᠎ᠠ ᠠᠳᠠᠯᠢ ᠃ ᠢᠩᠭᠢᠭᠦᠯᠡᠷ ᠭᠡᠷᠢᠶᠡᠰᠤ ᠨᠢ ᠮᠦᠨᠴᠤ 《ᠢᠷᠡᠭᠦ ᠮᠠᠷᠭᠠᠰᠢ》 ᠶᠢᠨ ᠬᠤᠷᠠᠶᠠᠯᠳᠠ ᠳᠤ ᠪᠠᠯᠤᠨᠭᠡᠭ᠍ᠰᠡᠨ 《ᠦᠷ᠎ᠡ ᠦᠨᠳᠦᠰᠦ》 ᠮᠦᠨ ᠪᠢᠯᠠ ︕

ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ ᠬᠤᠳᠠ ᠶᠢᠨ ᠵᠡᠭᠦᠨ ᠪᠠᠭᠠᠷᠢᠨ ᠤ ᠪᠠᠶᠠᠨ ᠠᠭᠤᠯᠠ ᠣᠷᠠᠨ ᠵᠤᠬᠢᠶᠠᠯ ᠤᠨ ᠬᠠᠮᠳᠤᠯᠢᠭ



ᠵᠤᠬᠢᠶᠠᠭᠴᠢ᠄ ᠨᠤ᠊ · ᠪᠠᠭᠠᠲᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6187
ᠴᠠᠭ᠄ 2009 ᠤᠨ ᠤ 06 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ