☆ ᠨᠠ᠊·ᠭᠡᠭᠡᠡᠰᠡᠷᠡ
ᠮᠤᠩᠭ᠋ᠤᠯ ᠨᠤᠳᠤᠭ
ᠮᠤᠩᠭ᠋ᠤᠯ ᠤᠨ ᠰᠠᠢ᠌ᠬᠠᠨ ᠨᠤᠳᠤᠭ
ᠮᠥᠮᠥ ᠶᠢᠨ ᠳᠤᠯᠠᠭᠠᠨ ᠡᠪᠦᠷ︕
ᠮᠥᠯᠭᠦᠵᠤ ᠥᠰᠦᠭ᠍ᠰᠡᠨ ᠰᠢᠷᠤᠢ
ᠮᠦᠩᠭᠦ ᠠᠯᠳᠠ ᠶᠢᠨ ᠭᠦᠮᠦᠷᠭᠡ︕
ᠳᠤᠭᠤᠷᠭ᠎ᠠ ᠴᠠᠭᠠᠨ ᠭᠡᠷ
ᠮᠤᠩᠭ᠋ᠤᠯ ᠨᠤᠳᠤᠭ ᠤᠨ ᠴᠡᠴᠡᠭ᠌
ᠳᠤᠭᠤᠷᠠᠢ᠌ᠳᠤ ᠠᠭᠳᠠ ᠶᠢᠨ ᠳᠠᠪᠭᠢᠭ᠎ᠠ
ᠮᠠᠩᠨᠤᠭ ᠳᠠᠯ᠎ᠠ ᠶᠢᠨ ᠴᠢᠮᠡᠭ᠌
ᠠᠭᠠᠷᠤᠤᠯ ᠬᠤᠷᠤᠳ ᠠᠢ᠌ᠷᠠᠭ
ᠠᠮᠳᠠ ᠳᠡᠭᠦᠰ ᠢᠳᠡᠭᠡᠨ
ᠠᠶᠠᠯᠭᠤᠳᠤ ᠬᠤᠭᠤᠷ ᠤᠨ ᠡᠭᠡᠰᠢᠭ᠌
ᠠᠵᠠ ᠵᠢᠷᠭᠠᠯ ᠤᠨ ᠴᠤᠤᠷᠢᠶᠠᠨ
ᠰᠦᠨᠢ ᠶᠢᠨ ᠭᠦᠰᠢᠭᠡᠨ ᠴᠠᠭᠠᠨ᠎ᠠ ᠡᠴᠠ
ᠣᠳᠤᠷ ᠤᠨ ᠠᠳᠤᠭᠤᠳ ᠦᠣᠷᠰᠠᠨ
ᠰᠤᠪᠣᠷᠠᠬᠤ ᠦᠷ ᠤᠨ ᠨᠠᠭᠠᠨ᠎ᠠ ᠡᠴᠠ
ᠰᠠᠭᠤᠯᠠᠭ᠎ᠠ ᠲᠡᠶ ᠰᠥ᠋ ᠴᠠᠯᠭᠢᠯᠠᠵᠤ
ᠰᠤᠭᠤᠨᠠᠭᠯᠠᠬᠤ ᠡᠷᠦᠭᠡ ᠶᠢᠨ ᠣᠳᠤᠭ᠎ᠠ
ᠰᠤᠯᠤᠩᠭ᠋ᠠᠨ ᠭᠤᠭᠴᠤᠭ᠎ᠠ ᠵᠠᠩᠭᠢᠤᠠᠴᠤ
ᠰᠤᠨᠤᠯᠵᠠᠬᠤ ᠳᠠᠯ᠎ᠠ ᠶᠢᠨ ᠵᠠᠮ
ᠰᠤᠪᠣᠤᠨ ᠤᠨ ᠮᠥᠭᠦᠯᠢᠭ᠌ ᠭᠡᠯᠭᠢᠵᠤ
ᠭᠦᠳᠦᠯ ᠨᠢ ᠭᠦᠤ ᠪᠠᠨ ᠪᠦᠪᠠᠢ᠌ᠯᠡᠭᠦ
ᠭᠦᠳᠦᠰᠤᠨ ᠵᠥᠭᠡᠯᠡᠨ ᠮᠠᠠᠴᠤᠢ
ᠭᠦᠰᠡᠯ ᠨᠢ ᠭᠦᠤ ᠶᠢᠨ ᠡᠪᠦᠷᠯᠡᠭᠦ
ᠭᠦᠷᠭᠦ ᠮᠠᠷᠭᠠᠰᠢ ᠶᠢᠨ ᠵᠢᠷᠤᠭ
ᠮᠤᠩᠭ᠋ᠤᠯ ᠤᠨ ᠰᠠᠢ᠌ᠬᠠᠨ ᠨᠤᠳᠤᠭ
ᠮᠥᠮᠥ ᠶᠢᠨ ᠬᠠᠯᠠᠭᠤᠨ ᠡᠯᠢᠭᠡ︕
ᠮᠥᠯᠭᠦᠵᠤ ᠥᠰᠦᠭ᠍ᠰᠡᠨ ᠭᠠᠵᠠᠷ
ᠮᠥᠩᠭᠡ ᠶᠢᠨ ᠳᠠᠷᠬᠠᠨ ᠦᠯᠦᠭᠡᠢ︕
ᠵᠤᠬᠢᠶᠠᠭᠴᠢ ᠶᠢᠨ ᠬᠠᠶᠢᠭ᠄ ᠦᠪᠣᠷ ᠮᠤᠩᠭ᠋ᠤᠯ ᠤᠨ ᠨᠡᠢ᠌ᠭᠡᠮ ᠤᠨ ᠰᠢᠡᠵᠢᠯᠡᠭᠦ ᠣᠬᠠᠭᠠᠨ ᠤ ᠭᠦᠷᠢᠶᠡᠯᠡᠩ ᠣᠤᠠᠬ᠎ᠠ ᠵᠤᠬᠢᠶᠠᠯ ᠰᠤᠳᠤᠯᠬᠤ ᠭᠠᠵᠠᠷ
ᠵᠤᠬᠢᠶᠠᠭᠴᠢ᠄ ᠨᠠ᠊·ᠭᠡᠭᠡᠡᠰᠡᠷᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2728
ᠴᠠᠭ᠄ 2010 ᠤᠨ ᠤ 05 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ