ᠨᠡᠪᠲᠡᠷᠡᠨ ᠤᠷᠤᠬᠤ
ᠴᠢᠮ᠎ᠠ ᠶᠢ ᠪᠢ ᠮᠠᠷᠳᠠᠭ᠎ᠠ ᠥᠭᠡᠢ

ᠴᠢᠮ᠎ᠠ ᠶᠢ ᠪᠢ ᠮᠠᠷᠳᠠᠭ᠎ᠠ ᠥᠭᠡᠢ

ᠴᠢᠠᠳᠠᠮᠤᠨᠢ ᠰᠢᠭ ᠨᠠᠠᠳᠢᠨ ᠨᠥᠭᠦᠷᠯᠡᠯ ᠶᠢᠡᠨ ᠮᠠᠷᠳᠠᠭ᠎ᠠ ᠦᠭᠡᠶ

ᠴᠢᠩ ᠥᠨᠡᠡᠴᠢᠭᠡᠨ ᠵᠢᠷᠦᠭᠡᠨ ᠤ ᠭᠦᠨ ᠳ᠋ᠠᠭᠢ

ᠴᠢᠭ᠍ᠴᠢ ᠴᠠᠢ᠌ᠯᠭᠠᠨ ᠵᠢᠷᠤᠮ ᠪᠠᠷᠢᠯᠳᠤᠯᠠᠭ᠎ᠠ ᠪᠠᠨ ᠮᠠᠷᠳᠠᠭ᠎ᠠ ᠦᠭᠡᠶ

ᠳᠤᠭᠤᠯᠬᠤ ᠴᠢᠮᠡᠭᠡ ᠪᠠᠭ᠎ᠠ ᠪᠣᠯᠤᠭᠰᠠᠨ ᠨᠢ

ᠳᠤᠷᠠᠰᠬᠤ ᠦᠭᠡᠶ ᠮᠥᠷᠦᠭᠡᠳᠭᠦ ᠦᠭᠡᠶ ᠳᠡᠭᠡᠨ ᠪᠢᠰᠢ ᠶᠤᠮ

ᠳᠤᠩ ᠴᠤ ᠣᠯᠠᠨ ᠠᠮᠢᠳᠤᠷᠠᠯ ᠤᠨ ᠬᠠᠰᠢᠯᠳᠠ ᠶᠢᠨ ᠵᠠᠪᠰᠠᠷ

ᠳᠤᠩ ᠴᠠᠭᠠᠨ ᠰᠡᠳᠭᠢᠯ ᠮᠢᠨᠢ ᠣᠷᠤᠨ ᠳᠠᠭᠠᠨ ᠡᠷᠭᠢᠵᠤ ᠣᠶᠠᠷᠠᠳᠠᠭ ᠶᠤᠮ

ᠬᠤᠯᠠ ᠶᠢᠨ ᠬᠤᠯᠠ ᠨᠤᠳᠤᠭ ᠵᠥᠭ᠌ ᠴᠢᠨᠢ

ᠬᠤᠷᠳᠤᠨ ᠮᠤᠷᠢ ᠲᠡᠶ ᠳᠤᠪᠳᠤᠯᠤᠶ᠎ᠠ ᠰᠠᠨᠠᠬᠤ ᠶᠤᠮ

ᠬᠤᠠᠳᠠᠭ᠎ᠠ ᠲᠡᠶ ᠰᠠᠷᠬᠤᠤᠨ ᠶᠢᠡᠨ ᠮᠥᠷᠭᠦᠭᠦᠯᠤᠨ ᠮᠥᠷᠭᠦᠭᠦᠯᠤᠨ

ᠬᠠᠭᠤᠴᠢ ᠭᠦᠭᠡᠷᠴᠤ ᠨᠠᠢ᠌ᠷᠠᠯᠠᠬᠤ ᠶᠢ ᠭᠦᠰᠡᠭᠦ ᠶᠤᠮ

ᠶᠠᠷᠤ ᠨᠢ ᠪᠢ ᠳᠠᠨ ᠢ ᠪᠠᠨ ᠮᠠᠷᠳᠠᠭ᠎ᠠ

ᠶᠡᠷᠦᠮᠳᠡᠭ᠌ ᠥᠩᠭᠡᠷᠡᠭ᠍ᠰᠡᠨ ᠴᠤ ᠢᠨᠢᠶᠠᠳᠤ ᠡᠳᠦᠷ ᠤᠳ ᠶᠢᠡᠨ ᠮᠠᠷᠳᠠᠭ᠎ᠠ ᠦᠭᠡᠶ

ᠶᠠᠷᠠ ᠶ‍ᠢᠰᠤᠨ ᠳᠡᠭ᠍ᠷᠢ ᠪᠠᠨ ᠵᠠᠭᠢᠷᠴᠤ ᠪᠣᠰᠤᠭᠰᠠᠨ

ᠶᠡᠭᠡ ᠮᠤᠩᠭ᠋ᠤᠯ ᠤᠨ ᠰᠦᠯᠳᠡ ᠳᠤ ᠪᠠᠨ ᠬᠠᠮᠳᠤ ᠰᠥᠭᠦᠷᠡᠭ᠍ᠰᠡᠨ ᠶᠢᠡᠨ ᠮᠠᠷᠳᠠᠭ᠎ᠠ ᠦᠭᠡᠶ

ᠦᠷᠦᠴᠠᠨ ᠳᠤ ᠬᠠᠳᠠᠩᠰᠢᠭᠰᠠᠨ ᠨᠥᠭᠦᠷᠯᠡᠯ ᠮᠢᠨᠢ

ᠥᠴᠦᠭᠡᠳᠦᠷ ᠤᠨ ᠯᠠ ᠪᠢᠰᠢ ᠦᠨᠢ ᠶᠢᠨ ᠶᠤᠮ ᠰᠢᠤ︕ ᠠᠠᠳᠠ ᠮᠢᠨᠢ

ᠥᠪᠯᠡᠭᠦ ᠳᠤᠳᠤᠮ ᠰᠢᠵᠢᠷᠳᠦᠳᠡᠭ᠌ ᠡᠨᠡ ᠨᠠᠰᠤᠨ ᠤ ᠮᠢᠨᠢ

ᠥᠭ᠍‍ᠭᠢᠶᠡᠮᠦᠷ ᠨᠠᠠᠳᠢᠨ ᠭᠦᠷᠦᠩᠭᠡ ᠶᠤᠮ ᠰᠢᠤ︕ ᠨᠠᠢ᠌ᠵᠠ ᠮᠢᠨᠢ

ᠪᠢ ᠴᠢᠮ᠎ᠠ ᠪᠠᠨ ᠮᠠᠷᠳᠠᠭ᠎ᠠ ᠦᠭᠡᠶ

ᠪᠢᠰᠢᠷᠠᠯ ᠳᠤᠷ᠎ᠠ ᠮᠢᠨᠢ ᠬᠤᠪᠢᠷᠠᠭ᠎ᠠ ᠦᠭᠡᠶ

ᠪᠢᠳᠠᠨ ᠤ ᠳᠤᠮᠳᠠᠭᠢ ᠨᠥᠭᠦᠷᠯᠡᠯ ᠵᠠᠢ᠌ᠳᠠᠭ᠎ᠠ ᠦᠭᠡᠶ

ᠪᠢᠯᠢᠭ᠌ ᠤᠨ ᠵᠢᠷᠦᠭᠡᠨ ᠳᠡᠭᠡᠷ᠎ᠡ ᠴᠢᠨᠢ ᠣᠶᠠᠩᠭ᠋᠎ᠠ ᠪᠠᠷ ᠶᠢᠡᠨ ᠵᠤᠯᠭᠠᠶ᠎ᠠ︕

ᠠᠠᠳᠠ ᠮᠢᠨᠢ ᠡ︕᠁


ᠳᠦᠡᠭᠯᠢᠶ‍ᠦᠤ ᠬᠤᠳᠠ ᠶᠢᠨ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤ ᠠᠭᠤᠯᠠ ᠪᠠᠯᠭᠠᠰᠤ ᠵᠡᠭᠦᠨ ᠳᠤᠤᠷᠠᠰᠤ ᠭᠠᠴᠠᠭ᠎ᠠ

ᠵᠤᠬᠢᠶᠠᠭᠴᠢ᠄ ᠳᠤᠷᠤᠨᠠᠴᠤᠤᠷᠢᠶ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3106
ᠴᠠᠭ᠄ 2009 ᠤᠨ ᠤ 06 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ