ᠨᠡᠪᠲᠡᠷᠡᠨ ᠤᠷᠤᠬᠤ
ᠭᠦᠮᠤᠨ ᠴᠢᠯᠠᠭᠤ

ᠱᠠᠩᠳᠤ ᠶᠢᠨ ᠪᠠᠭᠤᠷᠠᠢ ᠶᠢ ᠭᠦᠮᠤᠨ ᠴᠢᠯᠠᠭᠤ ᠰᠠᠭᠢᠨ᠎ᠠ

ᠭᠦᠵᠦᠭᠦᠤ ᠪᠠᠷ ᠶᠢᠡᠨ ᠣᠭᠳᠤᠯᠤᠭᠤᠯᠤᠭᠰᠠᠨ ᠴᠤ

ᠭᠦᠮᠤᠨ ᠤ ᠡᠮᠦᠨ᠎ᠡ ᠰᠥᠭᠦᠷᠡᠵᠤ ᠤᠢ᠌ᠴᠢᠭᠰᠠᠨ ᠦᠭᠡᠶ᠃

ᠳᠦᠴᠢᠨ ᠭᠠᠵᠠᠷ ᠤᠨ ᠰᠢᠷ᠎ᠠ ᠳᠠᠯ᠎ᠠ ᠳᠤ ᠴᠡᠴᠡᠭᠡᠰ ᠤᠨ ᠣᠨᠤᠷ ᠰᠠᠩᠭᠢᠨᠠᠨ᠎ᠠ

ᠳᠤᠭᠤᠷᠴᠠᠭ ᠠᠭᠤᠯᠠᠨ ᠤ ᠡᠩᠭᠡᠷ ᠲᠤ ᠭᠡᠦᠭᠡᠨ ᠳᠤᠯᠤᠭᠠᠢ ᠪᠣᠯᠳᠠᠯᠵᠠᠭᠰᠠᠨ ᠴᠤ

ᠳᠤᠰᠤ ᠠᠢ᠌ᠷᠠᠭ ᠤᠨ ᠦᠨᠦᠷ ᠴᠠᠬᠠᠷ ᠤᠨ ᠨᠤᠳᠤᠭ ᠡᠴᠡ ᠬᠤᠯᠠᠳᠠᠵᠠᠢ᠃

ᠥᠭᠡᠷᠴᠢᠨ ᠣᠪᠣᠭᠠᠨ ᠤ ᠳᠤᠶᠠᠩ ᠳᠤᠰᠤᠬᠠᠯ ᠵᠠᠭᠤᠨ ᠤ ᠡᠭᠢᠨ ᠳᠤ ᠳᠠᠰᠤᠷᠠᠵᠠᠢ

ᠦᠷᠭᠡᠨ ᠶᠡᠭᠡ ᠬᠤᠯᠠᠨ ᠰᠢᠷᠭ᠎ᠠ ᠡᠳᠦᠷᠵᠢᠨ ᠨᠠᠭᠠᠰᠢᠯᠠᠨ ᠮᠥᠯᠭᠦᠯᠡᠭ᠍ᠰᠡᠨ ᠴᠤ

ᠡᠳᠦᠷ ᠪᠠᠷ ᠬᠠᠷᠠᠩᠭ᠋ᠣᠢ᠌ᠳᠠᠬᠤ ᠡᠯᠡᠰᠤᠨ ᠰᠢᠭᠤᠷᠭ᠎ᠠ ᠳᠤ ᠳᠠᠷᠠ ᠶᠠᠷᠤ ᠨᠢ ᠣᠷᠤᠯᠴᠠᠭᠰᠠ ᠦᠭᠡᠶ᠃

ᠱᠠᠩᠳᠤ ᠶᠢᠨ ᠭᠤᠤᠯ ᠬᠠᠳᠠᠵᠤ᠂

ᠰᠢᠷ᠎ᠠ ᠳᠠᠯ᠎ᠠ ᠬᠤᠪᠬᠠᠢ᠌ᠷᠠᠭᠰᠠᠨ ᠴᠤ

ᠱᠠᠩᠳᠤ ᠶᠢᠨ ᠪᠠᠭᠤᠷᠠᠢ ᠶᠢᠨ ᠭᠦᠮᠤᠨ ᠴᠢᠯᠠᠭᠤ

ᠰᠡᠭᠦᠢᠨ ᠰᠥᠡᠳᠡᠷᠯᠡᠭᠦ ᠡᠴᠡ ᠪᠠᠨ ᠪᠣᠴᠠᠭᠰᠠᠨ ᠦᠭᠡᠶ᠃

ᠳᠤᠭᠤᠰᠤ ᠪᠣᠵᠢᠩᠨᠠᠭᠰᠠᠨ ᠰᠢᠷ᠎ᠠ ᠳᠠᠯ᠎ᠠ

ᠱᠠᠩᠳᠤ ᠶᠢᠨ ᠭᠤᠤᠯ ᠶᠢᠠᠨ ᠬᠠᠷᠠᠭᠠᠤᠨ ᠣᠶᠠᠷᠠᠵᠤ ᠪᠠᠢ᠌ᠨ᠎ᠠ

ᠳᠤᠷᠭᠠᠮ᠎ᠠ ᠦᠭᠡᠶ ᠴᠠᠬᠠᠷ ᠤᠨ ᠨᠤᠳᠤᠭ ᠲᠤ

ᠱᠠᠩᠳᠤ ᠶᠢᠨ ᠭᠦᠮᠤᠨ ᠴᠢᠯᠠᠭᠤ ᠯᠠ ᠵᠤᠭᠰᠤᠵᠤ ᠪᠠᠢ᠌ᠨ᠎ᠠ᠃

ᠳᠡᠦᠭᠡᠨ ᠳᠤ ᠬᠤᠪᠢᠯᠠᠢ ᠭᠡᠵᠤ ᠳᠡᠮᠳᠡᠭᠯᠡᠭ᠍ᠳᠡᠭ᠍ᠰᠡᠨ ᠪᠣᠯ

ᠱᠠᠩᠳᠤ ᠶᠢᠨ ᠪᠠᠭᠤᠷᠠᠢ ᠳᠤ ᠭᠦᠮᠤᠨ ᠴᠢᠯᠠᠭᠤ ᠭᠡᠵᠤ ᠦᠯᠠᠳᠠᠵᠠᠢ᠃

ᠱᠠᠩᠳᠤ ᠶᠢᠨ ᠭᠤᠤᠯ ᠬᠠᠳᠠᠵᠤ᠂

ᠰᠢᠷ᠎ᠠ ᠳᠠᠯ᠎ᠠ ᠬᠤᠪᠬᠠᠢ᠌ᠷᠠᠭᠰᠠᠨ ᠴᠤ

ᠱᠠᠩᠳᠤ ᠶᠢᠨ ᠪᠠᠭᠤᠷᠠᠢ ᠭᠦᠮᠤᠨ ᠴᠢᠯᠠᠭᠤ

ᠰᠢᠷᠬ᠎ᠠ ᠲᠡᠶ ᠳᠡᠦᠭᠡᠨ ᠳᠤ ᠮᠢᠨᠢ ᠳᠠᠮᠠᠭ᠎ᠠ ᠪᠣᠯᠤᠨ ᠬᠤᠴᠤᠷᠠᠵᠠᠢ᠃

ᠳᠤᠯᠤᠭᠠᠢ ᠦᠭᠡᠶ ᠭᠦᠮᠤᠨ ᠴᠢᠯᠠᠭᠤ

ᠳᠤᠭᠤᠠᠳᠠᠮᠤᠷ ᠲᠤ ᠯᠠ ᠭᠤᠮᠤᠳᠠᠬᠤ ᠪᠢᠰᠢ

ᠳᠣᠢ᠌ᠮᠠᠷ ᠳᠠᠯᠪᠢᠭᠰᠠᠨ ᠳᠦᠢᠳᠭᠡᠷ ᠭᠢᠯᠢᠠᠴᠠ ᠳᠤ ᠯᠠ ᠬᠤᠷᠤᠰᠠᠬᠤ ᠪᠢᠰᠢ

ᠳᠠᠮᠠᠭ᠎ᠠ ᠪᠠᠨ ᠡᠷᠭᠦᠭ᠍ᠰᠡᠨ ᠯᠢᠭ᠍ᠳᠡᠨ ᠤ ᠬᠠᠳᠤᠨ ᠲᠤ ᠯᠠ ᠠᠭᠤᠷᠯᠠᠬᠤ ᠪᠢᠰᠢ

ᠬᠠᠷᠢᠨ ᠁

ᠳᠤᠭᠤᠰᠤ ᠪᠣᠵᠢᠩᠨᠠᠭᠰᠠᠨ ᠰᠢᠷ᠎ᠠ ᠳᠠᠯ᠎ᠠ

ᠱᠠᠩᠳᠤ ᠶᠢᠨ ᠭᠤᠤᠯ ᠶᠢᠠᠨ ᠬᠠᠷᠠᠭᠠᠤᠨ ᠣᠶᠠᠷᠠᠵᠤ ᠪᠠᠢ᠌ᠨ᠎ᠠ

ᠳᠤᠷᠭᠠᠮ᠎ᠠ ᠦᠭᠡᠶ ᠴᠠᠬᠠᠷ ᠤᠨ ᠨᠤᠳᠤᠭ ᠲᠤ

ᠱᠠᠩᠳᠤ ᠶᠢᠨ ᠭᠦᠮᠤᠨ ᠴᠢᠯᠠᠭᠤ ᠯᠠ ᠳᠡᠦᠭᠡ ᠪᠣᠯᠤᠨ ᠦᠯᠠᠳᠠᠵᠠᠢ᠃


2008 ᠣᠨ ᠤ 8 ᠰᠠᠷ᠎ᠠ ᠶᠢᠨ 15 ᠊ᠤ ᠡᠳᠦᠷ᠃

ᠰᠢᠯᠤᠭᠤᠨ ᠭᠦᠭᠡ ᠶᠢᠨ ᠱᠠᠩᠳᠤ ᠶᠢᠨ ᠪᠠᠭᠤᠷᠠᠢ ᠳᠤ ᠣᠴᠢᠭᠠᠤᠨ ᠪᠢᠴᠢᠪᠠᠢ᠃


ᠵᠤᠬᠢᠶᠠᠭᠴᠢ ᠶᠢᠨ ᠬᠠ‍‌ᠶᠢᠭ ᠄ ᠺᠦᠷᠡᠯ᠎ᠡ ᠬᠤᠳᠠᠨ᠎ᠠ

ᠵᠤᠬᠢᠶᠠᠭᠴᠢ᠄ ᠳ·ᠭᠦᠭᠡᠮᠦ᠋ᠷᠡᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2628
ᠴᠠᠭ᠄ 2011 ᠤᠨ ᠤ 07 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ