ᠨᠡᠪᠲᠡᠷᠡᠨ ᠤᠷᠤᠬᠤ
ᠰᠡᠳᠭᠢᠯ ᠤᠨ ᠰᠦᠮᠪᠦᠷ

ᠰᠡᠳᠭᠢᠯ ᠤᠨ ᠰᠦᠮᠪᠦᠷ ᠲᠤ ᠡᠵᠢ ᠮᠢᠨᠢ ᠰᠠᠷᠠᠪᠴᠢᠯᠠᠨ ᠵᠤᠠᠠᠰᠤᠵᠤ ᠪᠠᠢ᠌ᠨ᠎ᠠ

ᠰᠠᠨᠠᠭᠠᠨ ᠤ ᠰᠡᠵᠢᠭᠦᠷ ᠲᠤ ᠭᠦᠤ ᠴᠢᠨᠢ ᠰᠠᠷᠪᠠᠯᠵᠠᠨ ᠭᠦᠶ‍ᠦᠵᠤ ᠪᠠᠢ᠌ᠨ᠎ᠠ


ᠨᠢᠭᠡ


ᠪᠣᠳᠠᠨ ᠳᠤ ᠡᠭᠦᠷᠯᠡᠳᠡᠭ᠌ ᠪᠣᠷᠤ ᠠᠯᠠᠭ ᠪᠣᠯᠵᠤᠮᠤᠷ ᠴᠤ

ᠪᠣᠯᠪᠠᠷᠠᠢ ᠠᠩᠭ᠋ᠠᠬᠠᠢ ᠪᠠᠨ ᠪᠣᠰᠤᠳ ᠠᠮᠢᠳᠠᠨ ᠡᠴᠡ ᠬᠠᠷᠠᠮᠨᠠᠳᠠᠭ ᠪᠢᠯᠠ᠃

ᠪᠣᠷᠤ ᠲᠡᠶ ᠳᠤᠯᠪᠣ ᠲᠡᠶ ᠪᠣᠯᠭᠢ ᠭᠡᠳᠤᠨ ᠥᠡᠳᠡᠭᠡ ᠨᠢ ᠴᠤ

ᠪᠣᠳᠤᠯ ᠰᠡᠳᠭᠢᠯ ᠤᠨ ᠭᠢᠨᠢ ᠮᠤᠯᠤᠷ ᠡᠷᠳᠡᠨᠢ ᠪᠣᠯᠳᠠᠭ ᠪᠢᠯᠠ᠃

ᠬᠤᠯᠤᠰᠤᠨ ᠳᠤ ᠬᠤᠷᠭᠤᠳᠠᠳᠠᠭ ᠬᠤᠩᠭ᠋ᠤᠷ ᠬᠠᠯᠢᠭᠤᠨ ᠭᠠᠯᠠᠭᠤ ᠴᠤ

ᠬᠤᠪᠢᠨ ᠤ ᠳᠡᠭ᠍ᠳᠡᠭᠡᠭᠡᠢ ᠪᠠᠨ ᠬᠤᠤᠷᠳᠠᠨ ᠳᠠᠢ᠌ᠰᠤᠨ ᠡᠴᠡ ᠬᠠᠮᠠᠭᠠᠯᠠᠳᠠᠭ ᠪᠢᠯᠠ᠃

ᠬᠤᠶᠠᠷ ᠭᠤᠷᠪᠠᠬᠠᠨ ᠭᠢᠮᠤᠰᠤᠨ ᠴᠢᠨᠡᠭᠡᠨ ᠥᠡᠳᠡᠭᠡ ᠨᠢ ᠴᠤ

ᠬᠤᠪᠳᠤᠯ ᠵᠢᠷᠦᠭᠡᠨ ᠤ ᠭᠢᠨᠢ ᠬᠤᠪᠣᠷ ᠡᠷᠳᠡᠨᠢ ᠪᠣᠯᠳᠠᠭ ᠪᠢᠯᠠ᠃

ᠡᠷᠭᠢᠨ ᠳᠤ ᠨᠤᠳᠤᠠᠠᠯᠠᠳᠠᠭ ᠡᠷᠡᠤ ᠴᠠᠭᠠᠨ ᠰᠢᠪᠠᠭᠤ ᠴᠤ

ᠡᠩᠭᠦᠷᠡᠢ ᠦᠷ᠎ᠡ ᠪᠠᠨ ᠡᠯᠢᠭᠡᠨ ᠳᠤᠤᠷ᠎ᠠ ᠪᠠᠨ ᠬᠠᠯᠬᠠᠯᠠᠳᠠᠭ ᠪᠢᠯᠠ᠃

ᠡᠷᠢᠶᠡᠨ ᠲᠡᠶ ᠴᠤᠬᠤᠷ ᠲᠡᠶ ᠡᠷᠡᠭᠡᠢ ᠴᠢᠨᠡᠭᠡᠨ ᠥᠡᠳᠡᠭᠡ ᠨᠢ ᠴᠤ

ᠡᠷᠭᠢᠯᠳᠦᠭᠦ ᠬᠤᠶᠠᠷ ᠨᠢᠳᠤᠨ ᠤ ᠭᠢᠨᠢ ᠭᠡᠭᠡᠨ ᠴᠡᠴᠡᠭᠡᠢ ᠪᠣᠯᠳᠠᠭ ᠪᠢᠯᠠ᠃

ᠥᠭᠡ ᠭᠡᠯᠡ ᠮᠡᠳᠡᠳᠡᠭ᠌ ᠦᠭᠡᠶ ᠦᠶᠡᠷ ᠣᠰᠤᠨ ᠭᠠᠮᠰᠢᠭ

ᠥᠴᠦᠭᠡᠨ ᠠᠩᠭ᠋ᠠᠬᠠᠢ ᠶᠢ ᠨᠢ ᠣᠷᠤᠰᠬᠠᠨ ᠵᠢᠪᠪᠦᠭᠦᠯᠵᠤ ᠵᠠᠯᠭᠢᠬᠤ ᠳᠤ

ᠦᠷ᠎ᠡ ᠶᠢᠨ ᠶᠢᠡᠨ ᠬᠣᠢ᠌ᠨ᠎ᠠ ᠡᠴᠡ ᠴᠠᠷᠪᠠᠠᠠᠰᠠᠨ ᠪᠣᠷᠤ ᠠᠯᠠᠭ ᠪᠣᠯᠵᠤᠮᠤᠷ

ᠦᠨᠦᠴᠢᠨ ᠪᠣᠳᠠᠨ ᠡᠴᠡ ᠦᠷ᠎ᠡ ᠪᠠᠨ ᠨᠡᠭᠡᠨ ᠭᠠᠰᠠᠯᠳᠠᠭ ᠪᠢᠯᠠ᠃

ᠨᠢᠩᠵᠢᠨ ᠰᠡᠳᠭᠢᠯ ᠡᠪᠦᠷᠯᠡᠳᠡᠭ᠌ ᠦᠭᠡᠶ ᠰᠢᠨᠤᠬᠠᠢ ᠳᠠᠮᠰᠢᠭ

ᠨᠢᠯᠵᠠᠷᠠᠢ ᠨᠢᠯᠬ᠎ᠠ ᠳᠡᠭ᠍ᠳᠡᠭᠡᠭᠡᠢ ᠶᠢ ᠨᠢ ᠨᠢᠳᠤᠯᠵᠤ ᠰᠤᠷᠤᠬᠤ ᠳᠤ

ᠨᠢᠰᠭᠦ ᠳᠠᠯᠠᠪᠴᠢ ᠶᠢᠨ ᠶᠢᠡᠨ ᠦᠳᠦ ᠰᠦᠳᠤ ᠪᠠᠨ ᠡᠯᠡᠳᠡᠯ᠎ᠡ

ᠨᠡᠭᠡᠯ ᠳᠠᠭᠠᠯ ᠪᠣᠯᠵᠤ ᠨᠢᠯᠬ᠎ᠠ ᠶᠢᠨ ᠶᠢᠡᠨ ᠬᠣᠢ᠌ᠨ᠎ᠠ ᠡᠴᠡ ᠭᠠᠩᠰᠠᠷᠳᠠᠭ ᠪᠢᠯᠠ᠃

ᠡᠨᠡᠷᠢᠯ ᠵᠢᠷᠤᠮ ᠮᠡᠳᠡᠳᠡᠭ᠌ ᠦᠭᠡᠶ ᠡᠷᠭᠢ ᠡᠮᠳᠡᠷᠡᠨ ᠨᠤᠷᠠᠬᠤ ᠳᠤ

ᠡᠷᠡᠭᠡᠢ ᠴᠠᠭᠠᠨ ᠥᠡᠳᠡᠭᠡ ᠨᠢ ᠴᠤ ᠳᠤᠭᠤᠰᠤ ᠪᠣᠯᠵᠤ ᠳᠠᠭᠤᠰᠳᠠᠭ᠃

ᠡᠩᠭᠦᠷᠡᠢ ᠦᠷ᠎ᠡ ᠶᠢᠨ ᠶᠢᠡᠨ ᠳᠦᠯᠦᠭᠡ ᠡᠯᠢᠭᠡ ᠨᠢ ᠡᠮᠳᠡᠷᠡᠭᠦ ᠳᠡᠭᠡᠨ

ᠡᠷᠡᠤ ᠴᠠᠭᠠᠨ ᠰᠢᠪᠠᠭᠤ ᠨᠢ ᠡᠷᠭᠢᠨ ᠳᠠᠠᠳᠠ ᠪᠠᠨ ᠭᠠᠰᠢᠭᠤᠳᠠᠳᠠᠭ ᠪᠢᠯᠠ᠃

ᠭᠡᠷᠢᠶᠡᠨ ᠤ ᠵᠤᠯᠵᠠᠭ᠎ᠠ ᠶᠢ ᠨᠢᠭᠦᠯ ᠤᠨ ᠬᠠᠷ᠎ᠠ ᠠᠮᠢᠳᠠᠨ ᠭᠡᠵᠤ ᠪᠣᠤ ᠮᠠᠭᠤᠯᠠ

ᠭᠡᠵᠢᠶ᠎ᠡ ᠴᠤ ᠭᠡᠰᠡᠨ ᠡᠭᠡ ᠶᠢᠨ ᠶᠢᠡᠨ ᠨᠢᠳᠤᠨ ᠳᠤ ᠪᠣᠯ ᠳᠤᠭᠤᠰ ᠡᠴᠡ ᠥᠵᠡᠰᠭᠦᠯᠡᠩ ᠯᠠ ᠪᠢᠵᠠ᠃

ᠭᠡᠯᠡᠭᠡᠢ ᠰᠤᠯᠤᠭᠠᠢ ᠬᠡᠦᠬᠡᠳ ᠶᠤᠮ ᠭᠡᠵᠤ ᠪᠣᠤ ᠡᠯᠡᠭᠯᠨ

ᠭᠡᠮᠵᠢᠶᠡᠯᠡᠰᠢ ᠦᠭᠡᠶ ᠬᠠᠢ᠌ᠷᠠᠳᠤ ᠡᠭᠡ ᠳᠡᠭᠡᠨ ᠪᠣᠯ ᠴᠡᠴᠡᠭ᠌ ᠡᠴᠡ ᠰᠡᠷᠭᠦᠯᠡᠩ ᠰᠢᠤ᠃

ᠡᠯᠢᠶᠡᠨ ᠤ ᠵᠤᠯᠵᠠᠭ᠎ᠠ ᠶᠢ ᠡᠭ᠍ᠳᠡᠭᠦᠤ ᠲᠡᠶ ᠠᠮᠢᠳᠠᠨ ᠭᠡᠵᠤ ᠪᠢᠳᠡᠭᠡᠢ ᠳᠤᠭᠤᠭᠢᠯᠠ

ᠡᠩᠭᠦᠷᠡᠢ ᠬᠠᠢ᠌ᠷᠠᠳᠤ ᠡᠭᠡ ᠳᠡᠭᠡᠨ ᠪᠣᠯ ᠭᠠᠷᠤᠳᠢ ᠡᠴᠡ ᠭᠠᠩᠭ᠋ᠠᠩ ᠯᠠ ᠪᠢᠵᠠ᠃

ᠡᠷᠭᠡᠯᠡᠭᠦ ᠡᠴᠡ ᠣᠠᠳᠤᠤ ᠡᠷᠳᠡᠮ ᠦᠭᠡᠶ ᠬᠡᠦᠬᠡᠳ ᠭᠡᠵᠤ ᠪᠢᠳᠡᠭᠡᠢ ᠳᠤᠷᠤᠮᠵᠢᠯᠠ

ᠢᠷᠡᠭᠦ ᠮᠠᠷᠭᠠᠰᠢ ᠶᠢᠨ ᠵᠢᠩᠭᠢᠨᠢ ᠡᠵᠡᠨ ᠪᠣᠯ ᠡᠳᠡᠨᠦᠰ ᠰᠢᠤ᠃

ᠭᠠᠬᠠᠢ ᠶᠢᠨ ᠳᠤᠷᠤᠢ ᠶᠢ ᠳᠤᠯᠢᠨ ᠬᠤᠩᠰᠢᠶᠠᠷᠳᠤ ᠭᠡᠵᠤ ᠪᠣᠤ ᠱᠤᠤᠯᠠ

ᠭᠠᠵᠠᠷ ᠰᠡ᠊ᠨᠳᠡᠯᠡᠳᠡᠭ᠌ ᠡᠭᠡ ᠳᠡᠭᠡᠨ ᠪᠣᠯ ᠵᠠᠭᠠᠨ ᠡᠴᠡ ᠴᠤ ᠰᠥᠷᠯᠢᠭ᠌ ᠯᠠ ᠪᠢᠵᠠ᠃

ᠭᠠᠷ ᠮᠤᠬᠤᠷ ᠭᠠᠠᠵᠤᠭ᠎ᠠ ᠳᠠᠳᠠᠭᠤ ᠬᠡᠦᠬᠡᠳ ᠭᠡᠵᠤ ᠪᠣᠤ ᠪᠠᠰᠤᠮᠵᠢᠯᠠ

ᠭᠠᠯᠪᠠ ᠳᠡᠯᠡᠭᠡᠢ ᠶᠢ ᠵᠠᠭᠢᠷᠬᠤ ᠡᠵᠡᠨ ᠪᠣᠯ ᠳᠠᠳᠠᠨᠤᠰ ᠰᠢᠤ᠃

ᠥᠡᠳᠡᠭᠡ ᠪᠠᠨ ᠳᠠᠷᠤᠳᠠᠭ ᠵᠢᠭᠦᠷᠳᠡᠨ ᠴᠤ ᠡᠯᠪᠠᠷᠢᠯ ᠲᠡᠶ ᠶᠤᠮ ᠴᠢᠨᠢ

ᠦᠷ᠎ᠡ ᠪᠠᠨ ᠮᠠᠠᠴᠣᠢ᠌ᠯᠠᠳᠠᠭ ᠬᠠᠷ᠎ᠠ ᠳᠡᠷᠢᠭᠦᠳᠡᠨ ᠳᠤ ᠡᠨᠡᠷᠢᠯ ᠦᠭᠡᠶ ᠪᠣᠯᠤᠨ᠎ᠠ ᠦᠦ ︖

ᠥᠡᠳᠡᠭᠡᠨ ᠡᠴᠡ ᠨᠡᠪᠴᠢᠭ᠍ᠰᠡᠨ ᠠᠩᠭ᠋ᠠᠬᠠᠢ ᠳᠡᠭ᠍ᠳᠡᠭᠡᠭᠡᠢ ᠴᠤ ᠵᠢᠷᠭᠢᠳᠡᠭ᠌ ᠶᠤᠮ ᠴᠢᠨᠢ

ᠥᠯᠦᠭᠡᠢ ᠡᠴᠡ ᠪᠣᠢ᠌ᠵᠢᠠᠠᠰᠠᠨ ᠦᠬᠢᠳ ᠭᠦᠪᠠᠭᠦᠤᠨ ᠨᠢ ᠳᠠᠭᠤᠯᠠᠬᠤ ᠦᠭᠡᠶ ᠪᠣᠯᠤᠨ᠎ᠠ ᠦᠦ ︖

ᠰᠡᠴᠢᠭ᠌ ᠣᠯᠠᠭᠠᠨ ᠲᠡᠶ ᠡᠷᠡᠭ᠍ᠴᠢᠨ ᠳᠠᠭᠢᠶ᠎ᠠ ᠪᠠᠢ᠌ᠭᠠᠤᠨ

ᠰᠡᠷᠢᠭᠦ ᠶᠢᠨ ᠶᠢᠡᠨ ᠴᠠᠭ ᠲᠠᠭᠠᠨ ᠳᠤᠩᠭ᠋ᠤᠤᠠᠬᠤ ᠦᠭᠡᠶ ᠪᠣᠯᠤᠨ᠎ᠠ ᠦᠦ ︖

ᠰᠡᠷᠭᠡᠭ᠌ ᠣᠬᠠᠭᠠᠨ ᠲᠡᠶ ᠪᠣᠰᠤᠭ᠎ᠠ ᠡᠷ᠎ᠡ ᠪᠠᠢ᠌ᠭᠠᠤᠨ

ᠰᠡᠳᠬᠢᠯ ᠤᠨ ᠶᠢᠡᠨ ᠳᠠᠭᠤᠤ ᠶᠢ ᠣᠶᠠᠩᠭ᠋ᠠᠯᠠᠬᠤ ᠦᠭᠡᠶ ᠪᠣᠯᠤᠨ᠎ᠠ ᠦᠦ ︖

ᠥᠭᠡ ᠭᠡᠯᠡ ᠨᠡᠪᠳᠡᠷᠡᠳᠡᠭ᠌ ᠦᠭᠡᠶ ᠥᠴᠦᠭᠡᠨ ᠵᠢᠭᠦᠷᠳᠡᠳ ᠴᠤ

ᠣᠶᠠᠬᠠᠨ ᠵᠢᠷᠭᠢᠭᠡᠨ ᠤ ᠪᠠᠨ ᠣᠶᠠᠩᠭ᠋᠎ᠠ ᠡᠭᠡᠰᠢᠭ᠌ ᠶᠢᠡᠷ ᠳᠠᠰᠤᠯᠴᠠᠳᠠᠭ ᠪᠢᠵᠠ ︕

ᠥᠰᠦᠭ᠌ ᠪᠢᠴᠢᠭ᠌ ᠳᠠᠨᠢᠳᠠᠭ ᠭᠦᠮᠤᠨ ᠲᠦᠷᠦᠯᠭᠢᠳᠠᠨ ᠴᠤ

ᠣᠷᠠᠨ ᠨᠠᠢ᠌ᠷᠠᠭ ᠤᠨ ᠶᠢᠡᠨ ᠠᠢ᠌ᠵᠠᠮ ᠠᠶᠠᠰ ᠶᠢᠡᠷ ᠳᠠᠨᠢᠯᠴᠠᠳᠠᠭ ᠪᠢᠵᠠ ︕

ᠳᠡᠨᠢᠭᠡᠷ ᠨᠤᠭᠤᠭᠠᠨ ᠭᠦᠳᠡᠭᠡ ᠳᠠᠯ᠎ᠠ ᠮᠢᠨᠢ ᠤᠭ᠍ᠶ‍ᠦᠷᠡᠵᠤ ᠪᠠᠢ᠌ᠨ᠎ᠠ

ᠳᠡᠷᠭᠡᠯ ᠴᠠᠭᠠᠬᠠᠨ ᠥᠷᠭᠦᠭᠡ ᠭᠡᠷ ᠮᠢᠨᠢ ᠮᠠᠩᠨᠤᠠᠠᠷᠠᠵᠤ ᠪᠠᠢ᠌ᠨ᠎ᠠ

ᠳᠡᠩᠭᠡᠯᠡᠭᠦᠨ ᠪᠣᠭᠤᠷᠤᠯ ᠡᠵᠢ ᠮᠢᠨᠢ ᠳᠠᠠᠳᠠ ᠮᠦᠰᠢᠶᠠᠵᠤ ᠪᠠᠢ᠌ᠨ᠎ᠠ

ᠳᠡᠮᠡᠭᠡᠨ ᠳᠡᠭᠡᠨ ᠮᠤᠷᠳᠠᠭᠠᠤᠨ ᠭᠦᠤ ᠴᠢᠨᠢ ᠡ᠊ᠨᠳᠡ ᠳᠡᠰᠢᠭᠦᠯᠵᠤ ᠪᠠᠢ᠌ᠨ᠎ᠠ

ᠰᠡᠳᠭᠢᠯ ᠤᠨ ᠰᠦᠮᠪᠦᠷ ᠲᠤ ᠡᠵᠢ ᠮᠢᠨᠢ ᠰᠠᠷᠠᠪᠴᠢᠯᠠᠨ ᠵᠤᠠᠠᠰᠤᠵᠤ ᠪᠠᠢ᠌ᠨ᠎ᠠ

ᠰᠠᠨᠠᠭᠠᠨ ᠤ ᠰᠡᠵᠢᠭᠦᠷ ᠲᠤ ᠭᠦᠤ ᠴᠢᠨᠢ ᠰᠠᠷᠪᠠᠯᠵᠠᠨ ᠭᠦᠶ‍ᠦᠵᠤ ᠪᠠᠢ᠌ᠨ᠎ᠠ

ᠰᠠᠮᠰᠠ ᠵᠠᠭᠠᠳᠤᠨᠠᠮ᠎ᠠ ᠰᠦ᠋ ᠶᠢᠨ ᠦᠨᠦᠷ ᠰᠠᠩᠭᠢᠯᠵᠤ ᠪᠠᠢ᠌ᠨ᠎ᠠ

ᠰᠠᠩᠰᠠᠨ ᠳᠠᠪᠠᠯ ᠤᠨ ᠴᠢᠨᠢ ᠮᠥᠩᠭᠦᠨ ᠳᠤᠪᠴᠢ ᠭᠢᠯᠠᠯᠵᠠᠵᠤ ᠪᠠᠢ᠌ᠨ᠎ᠠ᠃


ᠬᠤᠶᠠᠷ


ᠡᠵᠢ ᠭᠡᠭ᠍ᠴᠢ ᠬᠤᠷᠸ᠎ᠠ ᠶᠢ ᠳᠤᠶᠠᠭᠠᠯᠠᠠᠠᠰᠠᠨ ᠠᠯᠳᠠᠨ ᠨᠠᠷᠠ ᠡ

ᠦᠷ᠎ᠡ ᠭᠡᠭ᠍ᠴᠢ ᠰᠠᠴᠤᠷᠠᠭ ᠳᠤᠨᠢ ᠭᠢᠯᠠᠯᠵᠠᠠᠠᠰᠠᠨ ᠮᠥᠩᠭᠦᠨ ᠰᠠᠷᠠ ᠡ

ᠡᠵᠢ ᠨᠢ ᠪᠣᠯ ᠦᠷ᠎ᠡ ᠶᠢᠨ ᠰᠡᠳᠬᠢᠯ ᠤᠨ ᠮᠥᠩᠭᠦᠨ ᠰᠦᠯᠳᠡ ᠡ

ᠦᠷ᠎ᠡ ᠨᠢ ᠪᠣᠯ ᠡᠵᠢ ᠶᠢᠨ ᠵᠢᠷᠦᠭᠡᠨ ᠤ ᠵᠤᠯᠵᠠᠭᠠᠨ ᠪᠦᠷᠭᠦᠤᠨ ᠡ

ᠮᠥᠮᠥ ᠭᠡᠭ᠍ᠴᠢ ᠮᠢᠨᠤ ᠨᠢᠳᠤᠨ ᠳᠤ ᠰᠦᠮᠪᠦᠷ ᠠᠭᠤᠯᠠ ᠡ

ᠮᠥᠮᠦᠭᠦᠯᠦᠭ᠍ᠰᠡᠨ ᠦᠷ᠎ᠡ ᠨᠢ ᠳᠡᠭᠦᠨ ᠤ ᠮᠠᠯᠮᠠᠢ ᠳᠤ ᠰᠦᠨ ᠳᠤᠰᠤᠯ ᠡ

ᠮᠥᠮᠥ ᠭᠡᠭ᠍ᠴᠢ ᠮᠢᠨᠤᠭᠢ ᠪᠠᠨ ᠳᠡᠷᠭᠡᠳᠡᠭᠢ ᠳᠦᠰᠢᠯᠭᠡ ᠬᠠᠳᠠ ᠡ

ᠮᠥᠮᠦᠭᠦᠯᠦᠭ᠍ᠰᠡᠨ ᠦᠷ᠎ᠡ ᠨᠢ ᠳᠡᠭᠦᠨ ᠤ ᠪᠠᠨ ᠠᠯᠠᠭᠠᠨ ᠳᠤ ᠮᠥᠭᠦᠯᠢᠭ᠌ ᠰᠤᠪᠣᠤᠨ ᠡ

ᠦᠪᠡᠷ ᠤᠨ ᠬᠠᠮᠠᠷ ᠶᠢᠡᠨ ᠨᠢᠰᠤ ᠲᠡᠶ ᠭᠡᠳ ᠣᠠᠠᠳᠤᠯᠤᠠᠠᠰᠠᠨ ᠢ ᠦᠵᠡᠪᠠ ᠦᠦ ︖

ᠦᠷ᠎ᠡ ᠠᠴᠢᠷ ᠶᠢᠡᠨ ᠪᠠᠭᠠᠰᠤ ᠲᠡᠶ ᠭᠡᠳ ᠬᠠᠶᠠᠠᠠᠰᠠᠨ ᠢ ᠰᠤᠨᠤᠰᠪᠠ ᠦᠦ ︖

ᠬᠤᠶᠠᠷ ᠴᠢᠭᠢ ᠪᠠᠨ ᠳᠦᠯᠡᠢ ᠭᠡᠳ ᠭᠡᠭᠡᠭ᠍ᠰᠡᠨ ᠢ ᠬᠠᠷᠠᠪᠠ ᠦᠦ ︖

ᠬᠤᠩᠭ᠋ᠤᠷ ᠦᠷ᠎ᠡ ᠪᠠᠨ ᠪᠠᠯᠠᠢ ᠭᠡᠳ ᠭᠤᠯᠤᠠᠠᠰᠠᠨ ᠢ ᠳᠤᠭᠤᠯᠪᠠ ᠦᠦ ︖

ᠳᠠᠯ᠎ᠠ ᠶᠢᠨ ᠳᠠᠪᠤᠨ ᠭᠦᠷᠦᠭᠡᠰᠤ ᠰᠢᠭ᠌ ᠨᠠᠢ᠌ᠷᠰᠠᠭ ᠶᠠᠪᠣ ︕ ᠭᠡᠵᠤ

ᠳᠠᠪᠤᠨ ᠮᠦᠰᠤ ᠪᠠᠷ ᠥᠯᠢᠭᠡᠷᠯᠡᠭ᠍ᠰᠡᠨ ᠥᠭᠡᠯᠤᠨ ᠡᠭᠡ ᠶᠢᠨ ᠰᠤᠷᠭᠠᠯ

ᠳᠠᠷᠬᠠᠨ ᠮᠤᠩᠭ᠋ᠤᠯ ᠡᠭᠡᠴᠦᠦᠯ ᠤᠨ ᠰᠡᠳᠬᠢᠯ ᠤᠨ ᠰᠦᠮᠪᠦᠷ ᠲᠤ

ᠳᠠᠨ᠎ᠠ ᠰᠤᠪᠣᠤᠨ ᠤᠨ ᠰᠢᠭᠢᠦᠡᠭᠡᠷᠢ ᠰᠢᠭ᠌ ᠭᠢᠯᠠᠯᠵᠠᠨ ᠭᠢᠯᠠᠯᠵᠠᠠᠠᠰᠠᠭᠠᠷ᠃


ᠭᠤᠷᠪᠠ


ᠮᠤᠷᠢᠨ ᠤ ᠪᠠᠨ ᠳᠤᠯᠤᠭᠠᠢ ᠶᠢ ᠪᠢᠳᠡᠭᠡᠢ ᠭᠤᠶᠠᠳᠠᠭᠠᠷᠠᠢ ᠭᠦᠤ ᠮᠢᠨᠢ

ᠮᠤᠯᠤᠷ ᠡᠷᠳᠡᠨᠢ ᠡᠴᠡ ᠴᠤ ᠬᠤᠪᠣᠷ ᠶᠤᠮ ᠰᠢᠤ ᠮᠠᠳᠠᠵᠤ ᠠᠪ ︕

ᠮᠤᠩᠭ᠋ᠤᠯ ᠭᠡᠷ ᠤᠨ ᠶᠢᠡᠨ ᠳᠤᠭᠤᠨᠤ ᠪᠠᠷ ᠪᠢᠳᠡᠭᠡᠢ ᠨᠠᠭᠠᠳᠤᠭᠠᠷᠠᠢ

ᠮᠤᠬᠤᠰᠢ ᠦᠭᠡᠶ ᠮᠠᠨ ᠤ ᠮᠤᠩᠭ᠋ᠤᠯ ᠤᠨ ᠨᠢᠳᠤ ᠶᠤᠮ ᠰᠢᠤ ᠳᠠᠷᠠ ᠴᠢᠨᠢ ︕

ᠬᠤᠤᠠᠳᠤᠭ ᠳᠤᠭᠤᠷᠢᠠᠠᠰᠠᠨ ᠮᠠᠯ ᠣᠨᠤᠭ᠎ᠠ ᠶᠢ ᠪᠣᠤ ᠯᠠ ᠭᠦᠭᠡᠭᠡ ᠳ᠋ᠠ

ᠬᠤᠳᠤᠭᠤᠷ ᠳᠦᠭᠦᠷᠡᠩ ᠰᠥᠷᠦᠭ᠌ ᠲᠡᠶ ᠶᠠᠪᠣᠬᠤ ᠶᠢᠨ ᠴᠢᠨᠢ ᠳᠠᠮᠪᠠᠷᠢᠯ ᠰᠢᠤ ︕

ᠬᠤᠪᠢᠨ ᠤ ᠪᠣᠰᠤᠳ ᠤᠨ ᠭᠢ ᠶᠢ ᠢᠯᠭᠠᠯ ᠦᠭᠡᠶ ᠣᠰᠤᠯᠠᠵᠤ ᠪᠠᠢ ᠳ᠋ᠠ

ᠬᠤᠯᠠ ᠶᠢᠨ ᠠᠶᠠᠨ ᠳᠠᠭᠠᠨ ᠭᠦᠯᠦᠭ᠌ ᠣᠨᠤᠭ᠎ᠠ ᠬᠤᠮᠰᠠᠳᠠᠬᠤ ᠦᠭᠡᠶ ᠰᠢᠤ ︕

ᠪᠣᠯᠵᠤᠮᠤᠷ ᠤᠨ ᠥᠡᠳᠡᠭᠡ ᠶᠢ ᠪᠣᠤ ᠬᠠᠭᠠᠯ ᠳ᠋ᠠ ᠭᠦᠤ ᠮᠢᠨᠢ

ᠪᠣᠯᠪᠠᠷᠠᠢ ᠭᠦᠭᠡᠷᠦᠭᠦᠨ ᠬᠠᠴᠠᠷ ᠲᠤ ᠴᠢᠨᠢ ᠪᠣᠷᠤ ᠰᠡᠪᠭᠡ ᠲᠡᠶ ᠪᠣᠯᠤᠨ᠎ᠠ ᠰᠢᠤ ︕

ᠪᠣᠳᠤᠭᠤ ᠳᠤᠷᠤᠨ ᠤ ᠪᠡᠨ ᠣᠷᠤᠭᠤᠯ ᠢ ᠪᠢᠳᠡᠭᠡᠢ ᠡᠯᠡᠭᠯᠨ ᠳ᠋ᠠ ᠡᠷᠪᠠᠢ ᠮᠢᠨᠢ

ᠪᠣᠴᠠᠵᠤ ᠵᠠᠶᠠᠭᠠᠬᠤ ᠳᠠᠭᠠᠨ ᠰᠡᠳᠡᠷᠭᠡᠢ ᠤᠷᠤᠭᠤᠯ ᠲᠡᠶ ᠪᠣᠯᠤᠨ᠎ᠠ ᠰᠢᠤ ︕

ᠡᠪᠳᠤ ᠱᠠᠭᠠᠵᠠᠭᠠᠢ ᠪᠣᠭᠤ ᠪᠠᠷᠢᠳᠠᠭ ᠭᠡᠰᠡᠨ

ᠡᠯᠦᠡᠴᠡ ᠬᠤᠯᠤᠠᠴᠠ ᠶᠢᠨ ᠶᠢᠡᠨ ᠭᠡᠭᠡᠨ ᠰᠤᠷᠭᠠᠯ ᠢ ᠴᠡᠭᠡᠵᠢᠯᠡᠵᠤ ᠶᠠᠪᠣ ᠳ᠋ᠠ ︕

ᠡᠭᠡᠴᠢ ᠳᠡᠭᠦᠦᠨᠡᠷ ᠲᠡᠶ ᠪᠠᠨ ᠡᠪ ᠨᠠᠢ᠌ᠷᠰᠠᠭ ᠪᠦᠯᠭᠦᠮᠳᠡᠵᠤ ᠶᠠᠪᠣᠭᠠᠷᠠᠢ

ᠡᠡᠭ᠌ ᠳᠡᠯᠡᠭᠡᠢ ᠡᠷᠭᠢᠵᠤ ᠭᠦᠷᠪᠠᠪᠠᠴᠤ ᠡᠴᠦᠰ ᠤᠨ ᠵᠤᠷᠢᠯᠭ᠎ᠠ ᠳᠠᠭᠠᠨ ᠭᠦᠷᠦᠨ᠎ᠡ ᠰᠢᠤ ︕

ᠰᠢᠯ ᠲᠡᠶ ᠰᠠᠷᠬᠤᠤᠨ ᠲᠤ ᠡᠷ᠎ᠡ ᠪᠠᠨ ᠵᠠᠷᠤᠳᠠᠭ ᠨᠢ

ᠰᠢᠪᠰᠢᠭ᠌ ᠮᠠᠭᠤᠬᠠᠢ ᠪᠣᠯᠭᠢ ᠰᠤᠷᠳᠠᠯ ᠤᠨ ᠰᠤᠪᠣᠯᠵᠢ ᠳᠠᠷᠠ ᠰᠢᠤ ︕

ᠰᠢᠵᠢᠯᠡᠭᠦ ᠣᠬᠠᠭᠠᠨ ᠳᠤ ᠡᠷᠳᠡᠮ ᠶᠢᠡᠨ ᠭᠠᠢ᠌ᠬᠠᠭᠤᠯᠳᠠᠭ ᠨᠢ

ᠰᠢᠨ᠎ᠠ ᠴᠠᠭ ᠤᠨ ᠮᠤᠩᠭ᠋ᠤᠯ ᠭᠦᠮᠤᠨ ᠤ ᠵᠢᠪᠬᠤᠭ᠎ᠠ ᠳᠠᠷᠠ ᠰᠢᠤ ︕

ᠡᠵᠢ ᠭᠦᠮᠤᠨ ᠤ ᠴᠠᠢ᠌ᠯᠭᠠᠨ ᠰᠡᠳᠭᠢᠯ ᠭᠡᠵᠤ ᠰᠥ᠋ ᠶᠤᠮ ᠪᠣᠯᠬᠤᠷ

ᠡᠷᠭᠢ ᠪᠠᠨ ᠳᠡᠯᠡᠭ᠍ᠰᠡᠨ ᠬᠠᠳᠤᠨ ᠤ ᠣᠰᠤ ᠰᠢᠭ ᠴᠠᠯᠭᠢᠯᠠᠵᠤ ᠯᠠ ᠪᠠᠢ᠌ᠳᠠᠭ ᠡ

ᠡᠩᠭᠦᠷᠡᠢ ᠦᠷ᠎ᠡ ᠶᠢᠨ ᠣᠯᠠᠭᠠᠨ ᠵᠢᠷᠦᠭᠡ ᠭᠡᠵᠤ ᠮᠢᠬ᠎ᠠ ᠶᠤᠮ ᠪᠣᠯᠬᠤᠷ

ᠡᠷᠳᠡᠨᠢᠳᠤ ᠴᠤᠭᠴᠠᠰ ᠤᠨ ᠰᠤᠳᠠᠰᠤ ᠪᠦᠭᠦᠨ ᠶᠢᠡᠷ ᠯᠤᠭᠰᠢᠵᠤ ᠯᠠ ᠪᠠᠢ᠌ᠳᠠᠭ ᠡ


ᠳᠦᠷᠪᠡ


ᠣᠷᠴᠢᠯᠠᠩ ᠶ‍ᠢᠷᠳᠢᠠᠴᠤ ᠶᠢᠨ ᠣᠯᠠᠨ ᠰᠠᠶ᠎ᠠ ᠡᠵᠢ ᠡᠴᠡ

ᠣᠯᠳᠠᠭᠰᠠᠨ ᠨᠠᠳᠠ ᠳᠠᠭᠠᠨ ᠭᠠᠭᠴᠠᠬᠠᠨ ᠡᠵᠢ ᠮᠢᠨᠢ ᠨᠠᠷᠠ ᠶᠤᠮ ᠡ

ᠣᠷᠴᠢᠬᠤ ᠬᠤᠷᠸ᠎ᠠ ᠳᠤ ᠢᠷᠦᠭᠡᠯ ᠪᠣᠶᠠᠨ ᠲᠡᠶ ᠣᠴᠠᠷᠠᠭᠰᠠᠨ ᠡᠴᠡ

ᠣᠩᠭ᠋ᠤᠨ ᠪᠣᠭᠤᠷᠠᠯ ᠡᠵᠢ ᠮᠢᠨᠢ ᠨᠠᠳᠠ ᠳᠠᠭᠠᠨ ᠰᠢᠳᠦᠭᠡᠨ ᠶᠤᠮ ᠡ᠃

ᠡᠵᠢ ᠭᠦᠮᠤᠨ ᠤ ᠴᠠᠢ᠌ᠯᠭᠠᠨ ᠰᠡᠳᠬᠢᠯ ᠭᠡᠵᠤ ᠰᠥ᠋ ᠶᠤᠮ ᠪᠣᠯᠬᠤᠷ

ᠡᠷᠭᠢ ᠪᠠᠨ ᠳᠡᠯᠡᠭ᠍ᠰᠡᠨ ᠬᠠᠳᠤᠨ ᠤ ᠣᠰᠤ ᠰᠢᠭ ᠴᠠᠯᠭᠢᠯᠠᠵᠤ ᠯᠠ ᠪᠠᠢ᠌ᠳᠠᠭ ᠡ ︕

ᠡᠷᠪᠠᠢ ᠦᠷ᠎ᠡ ᠶᠢᠨ ᠣᠯᠠᠭᠠᠨ ᠵᠢᠷᠦᠭᠡ ᠭᠡᠵᠤ ᠮᠢᠬ᠎ᠠ ᠶᠤᠮ ᠪᠣᠯᠬᠤᠷ

ᠡᠷᠡᠭᠦᠯ ᠴᠤᠠᠠᠴᠠᠰ ᠤᠨ ᠰᠤᠳᠠᠰᠤ ᠪᠦᠭᠦᠨ ᠶᠢᠡᠷ ᠯᠤᠠᠠᠰᠢᠵᠤ ᠯᠠ ᠪᠠᠢ᠌ᠳᠠᠭ ᠡ ︕

ᠪᠣᠭᠤ ᠶᠢ ᠰᠢᠭᠢᠷᠠᠳᠠᠵᠤ ᠪᠣᠬ᠎ᠠ ᠶᠢ ᠡᠪᠠᠷᠳᠡᠮᠡᠷ ᠪᠣᠵᠠᠭᠠᠢ᠌ᠷᠠᠴᠢᠠᠠᠠᠠᠰᠠᠨ ᠴᠤ

ᠪᠣᠭᠤᠷᠤᠯ ᠡᠵᠢ ᠶᠢᠨ ᠶᠢᠡᠨ ᠨᠢᠳᠤᠨ ᠳᠤ ᠪᠣᠯ ᠪᠣᠯᠪᠠᠷᠠᠢ ᠬᠡᠦᠬᠡᠳ ᠶᠢᠡᠷ ᠶᠢᠡᠨ

ᠪᠠᠷᠰ ᠪᠠᠭᠠᠯᠵᠤᠤᠷᠳᠠᠵᠤ ᠪᠠᠭᠠᠪᠠᠭᠠᠢ ᠶᠢ ᠬᠤᠯᠭᠤᠳᠠᠮᠠᠷ ᠪᠠᠢ᠌ᠷᠢᠭᠤᠵᠢᠴᠢᠠᠠᠠᠠᠰᠠᠨ ᠴᠤ

ᠪᠠᠶᠠᠷᠳᠤ ᠡᠵᠢ ᠶᠢᠨ ᠶᠢᠡᠨ ᠨᠢᠳᠤᠨ ᠳᠤ ᠪᠣᠯ ᠪᠢᠴᠢᠬᠠᠨ ᠬᠡᠦᠬᠡᠳ ᠶᠢᠡᠷ ᠶᠢᠡᠨ᠃

ᠦᠰᠦ ᠪᠣᠭᠤᠷᠤᠯᠳᠤᠵᠤ ᠡᠭᠦᠳᠡᠨ ᠰᠢᠳᠤ ᠮᠢᠨᠢ ᠣᠩᠭ᠋ᠣᠢ᠌ᠴᠢᠠᠠᠠᠠᠰᠠᠨ ᠴᠤ

ᠦᠯ ᠪᠣᠭᠤᠷᠤᠯ ᠡᠵᠢ ᠳᠡᠭᠡᠨ ᠪᠣᠯ ᠥᠯᠦᠭᠡᠢ ᠲᠡᠶ ᠬᠡᠦᠬᠡᠳ ᠶᠢᠡᠷ ᠶᠢᠡᠨ᠃

ᠵᠠᠵᠢ ᠭᠢᠷᠠᠭᠤᠳᠠᠵᠤ ᠵᠠᠬ᠎ᠠ ᠶᠢᠨ ᠠᠷᠠᠭ᠎ᠠ ᠮᠢᠨᠢ ᠣᠨᠠᠴᠢᠬᠠᠠᠠᠰᠠᠨ ᠴᠤ

ᠵᠠᠭᠠᠯ ᠪᠣᠭᠤᠷᠤᠯ ᠡᠵᠢ ᠳᠡᠭᠡᠨ ᠪᠣᠯ ᠵᠢᠭᠠᠯ ᠬᠡᠦᠬᠡᠳ ᠶᠢᠡᠷ ᠶᠢᠡᠨ᠃

ᠠᠯᠠᠭᠠᠨ ᠳᠠᠭᠠᠨ ᠠᠪᠣᠭᠠᠤᠨ ᠳᠠᠯᠪᠢᠪᠠᠯ ᠪᠦᠮᠪᠦᠷᠢᠴᠢᠭᠡᠭᠦᠵᠡᠢ ᠭᠡᠳ

ᠠᠷᠳᠠᠢ ᠳᠤᠷᠭᠠᠨ ᠳᠡᠭᠡᠷ᠎ᠡ ᠠᠯᠢᠶᠠᠷᠬᠠᠨ ᠳᠤᠠᠠᠯᠠᠭᠤᠯᠤᠠᠠᠰᠠᠨ ᠦᠭᠡᠶ

ᠠᠮᠠᠨ ᠳᠠᠭᠠᠨ ᠠᠪᠣᠭᠠᠤᠨ ᠡᠮᠭᠦᠪᠠᠯ ᠬᠠᠢ᠌ᠯᠴᠢᠬᠠᠭᠤᠵᠠᠢ ᠭᠡᠳ

ᠠᠯᠢᠮ᠎ᠠ ᠵᠢᠮᠢᠰ ᠤᠨ ᠠᠮᠳᠠ ᠰᠢᠮᠳᠠ ᠳᠤ ᠱᠠᠩᠳᠠᠭᠤᠷᠠᠭᠤᠯᠤᠠᠠᠰᠠᠨ ᠦᠭᠡᠶ

ᠬᠠᠯᠠᠭᠤᠨ ᠵᠤᠨ ᠤ ᠨᠠᠷᠠᠨ ᠳᠤ ᠰᠢᠳᠠᠴᠢᠬᠠᠬᠤ ᠡᠴᠡ ᠵᠢᠷᠦᠭᠡᠰᠢᠶᠡᠭᠡᠳ

ᠬᠠᠭᠠᠨ ᠤ ᠡᠡᠭᠡ ᠰᠢᠭ ᠳᠤᠷᠤᠢ ᠳᠠᠩᠬᠠᠢ ᠰᠤᠷᠭᠠᠠᠠᠰᠠᠨ ᠦᠭᠡᠶ

ᠬᠠᠭᠢᠷ ᠡᠪᠦᠯ ᠤᠨ ᠭᠦᠢᠳᠡᠨ ᠳᠤ ᠭᠦᠯᠳᠡᠴᠢᠭᠡᠭᠦ ᠡᠴᠡ ᠪᠠᠷᠭᠡᠰᠢᠶᠡᠭᠡᠳ

ᠬᠠᠳᠤᠨ ᠤ ᠠᠪᠠᠬᠠᠢ ᠰᠢᠭ ᠨᠤᠮᠤᠢ ᠨᠠᠭᠠᠯᠢᠩᠬᠠᠢ ᠭᠦᠮᠦᠵᠢᠭᠦᠯᠦᠭ᠍ᠰᠡᠨ ᠦᠭᠡᠶ

ᠨᠢᠮᠭᠡᠨ ᠡᠮᠦᠰᠴᠤ ᠰᠢᠩᠭᠡᠨ ᠢᠳᠡᠭ᠍ᠰᠡᠨ ᠳᠠᠷᠠ ᠴᠠᠭ ᠡᠴᠡ

ᠡᠷᠭᠡ ᠶᠢ ᠰᠤᠷᠬᠤ ᠪᠠᠷ ᠪᠠᠷᠭᠡ ᠶᠢ ᠰᠤᠷ ᠭᠡᠵᠤ ᠵᠠᠭᠢᠠᠠᠰᠠᠠᠨ᠃

ᠨᠡᠢ᠌ᠭᠡᠮ ᠭᠦᠭ᠍ᠵᠢᠵᠤ ᠠᠯᠬᠤᠮ ᠳᠠᠪᠰᠢᠠᠠᠰᠠᠨ ᠡᠨᠡ ᠦᠶ᠎ᠡ ᠡᠴᠡ

ᠡᠳ᠋ ᠶᠢᠡᠷ ᠴᠢᠮᠡᠭᠦ ᠪᠠᠷ ᠡᠷᠳᠡᠮ ᠶᠢᠡᠷ ᠴᠢᠮᠠ ︕ ᠭᠡᠵᠤ ᠰᠤᠷᠭᠠᠠᠠᠰᠠᠨ

ᠣᠭᠤᠷᠠᠭ ᠰᠦ᠋ ᠶᠢ ᠨᠢ ᠭᠦᠭᠦᠵᠤ ᠣᠯᠠᠭᠠᠨ ᠨᠢᠯᠬ᠎ᠠ ᠪᠠᠢ᠌ᠬᠤ ᠳᠤ

ᠣᠷᠠᠤᠨ ᠭᠦᠤ ᠰᠢᠤ ︕ ᠭᠡᠵᠤ ᠠᠯᠳᠠᠨ ᠰᠢᠷᠤᠢ ᠳᠡᠭᠡᠷ᠎ᠡ ᠪᠠᠨ ᠭᠢᠰᠭᠢᠭᠦᠯᠦᠭ᠍ᠰᠡᠨ

ᠣᠯᠠᠭᠠᠨ ᠪᠦᠴᠡ ᠵᠡᠭᠦᠵᠤ ᠣᠬᠠᠭᠠᠨ ᠳᠤᠮᠤᠭᠠᠳᠠᠢ ᠪᠣᠯᠬᠤ ᠳᠤ

ᠣᠯᠤᠰ ᠲᠠᠭᠠᠨ ᠵᠢᠦᠡᠭᠦ ︕ ᠭᠡᠵᠤ ᠪᠢᠯᠢᠭ᠌ ᠤᠨ ᠭᠡᠭᠡᠷ ᠲᠤ ᠮᠤᠷᠳᠠᠭᠤᠯᠤᠠᠠᠰᠠᠨ

ᠣᠷᠴᠢᠯᠠᠩ ᠳᠡᠯᠡᠭᠡᠢ ᠶᠢᠨ ᠣᠯᠠᠨ ᠰᠠᠶ᠎ᠠ ᠡᠵᠢ ᠡᠴᠡ

ᠣᠯᠳᠠᠠᠠᠰᠠᠨ ᠨᠠᠳᠠ ᠳᠠᠭᠠᠨ ᠭᠠᠠᠠᠴᠠᠬᠠᠨ ᠡᠵᠢ ᠮᠢᠨᠢ ᠨᠠᠷᠠ ᠶᠤᠮ ᠡ᠃


ᠳᠠᠪᠣ


ᠡᠭᠡ ᠦᠷ᠎ᠡ ᠶᠢᠨ ᠭᠡᠯᠭᠢᠶ᠎ᠡ ᠭᠡᠭ᠍ᠴᠢ ᠳᠠᠰᠤᠷᠠᠰᠢ ᠦᠭᠡᠶ ᠮᠢᠠᠳᠠᠰᠤ

ᠡᠭᠡ ᠶᠢᠨ ᠬᠠᠯᠠᠭᠤᠨ ᠬᠠᠢ᠌ᠷ᠎ᠠ ᠭᠡᠭ᠍ᠴᠢ ᠵᠤᠠᠠᠰᠤᠰᠢ ᠦᠭᠡᠶ ᠰᠤᠳᠠᠰᠤ

ᠡᠭᠡ ᠶᠢᠨ ᠢᠷᠠᠭᠤ ᠪᠦᠪᠠᠢ ᠭᠡᠭ᠍ᠴᠢ ᠰᠤᠯᠠᠷᠠᠰᠢ ᠦᠭᠡᠶ ᠴᠢᠪᠬᠠᠳᠠᠰᠤ

ᠡᠭᠡ ᠶᠢᠨ ᠠᠩᠭᠢᠷ ᠣᠭᠤᠷᠠᠭ ᠭᠡᠭ᠍ᠴᠢ ᠣᠯᠳᠠᠰᠢ ᠦᠭᠡᠶ ᠰᠢᠠᠳᠠᠰᠤ

ᠠᠠᠠᠳᠠ ᠶᠢᠨ ᠶᠢᠡᠨ ᠳᠤᠭᠤᠷᠠᠢ ᠪᠠᠷ ᠠᠽᠢᠶ᠎ᠠ ᠶᠢ ᠳᠤᠩᠰᠤᠯᠭᠠᠬᠤ ᠳᠤ ᠵᠤᠷᠢᠭ ᠪᠣᠯᠵᠤ ᠪᠢᠯᠠ

ᠠᠪᠣᠷᠭᠤ ᠳᠠᠭᠠᠭᠤᠯᠢ ᠪᠠᠷ ᠰᠠᠠᠰᠠᠷ ᠲᠤ ᠠᠶᠠᠯᠠᠬᠤ ᠳᠤ ᠵᠢᠪᠬᠤᠭ᠎ᠠ ᠪᠣᠯᠵᠤ ᠪᠢᠯᠠ

ᠠᠯᠠᠩᠭᠢᠷ ᠨᠤᠮᠤ ᠪᠠᠷ ᠪᠦᠷᠭᠦᠤᠨ ᠨᠠᠮᠨᠠᠬᠤ ᠳᠤ ᠭᠦᠪᠴᠢ ᠪᠣᠯᠵᠤ ᠪᠢᠯᠠ

ᠠᠯᠳᠠᠨ ᠲᠦᠷᠦ ᠳᠤ ᠰᠦᠯᠳᠡ ᠪᠠᠨ ᠭᠢᠯᠠᠯᠵᠠᠭᠤᠯᠬᠤ ᠳᠤ ᠴᠠᠮᠬᠠᠭ ᠪᠣᠯᠵᠤ ᠪᠢᠯᠠ

ᠭᠢᠮᠢ ᠶᠢᠨ ᠣᠷᠪᠠᠯ ᠶᠢᠡᠷ ᠵᠤᠷ ᠨᠠᠢ᠌ᠷᠠᠬᠤ ᠳᠤ ᠡᠯᠧᠮᠧᠨ᠋ᠲ ᠪᠣᠯᠵᠤ ᠪᠢᠯᠠ

ᠭᠢᠴᠢᠶᠠᠯ ᠤᠨ ᠳᠠᠩᠭᠢᠮ ᠳᠠᠭᠠᠨ ᠣᠳᠤᠳ ᠢ ᠢᠨᠢᠶᠡᠯᠭᠡᠭᠦ ᠳᠤ ᠺᠤᠨ᠋ᠰᠫᠧᠺᠲ᠋ ᠪᠣᠯᠵᠤ ᠪᠢᠯᠠ

ᠹᠢᠽᠢᠺ ᠤᠨ ᠵᠦᠢ᠌ ᠪᠠᠷ ᠠᠲ᠋ᠤᠮ ᠢ ᠳᠡᠯᠪᠠᠷᠡᠭᠦᠯᠭᠦ ᠳᠤ ᠴᠡᠨᠡᠭ᠌ ᠪᠣᠯᠵᠤ ᠪᠢᠯᠠ

ᠪᠢᠤᠯᠤᠭᠢ ᠶᠢᠨ ᠣᠬᠠᠭᠠᠨ ᠶᠢᠡᠷ ᠪᠠᠺᠲ᠋ᠸᠷᠢ ᠶᠢ ᠰᠤᠳᠤᠯᠬᠤ ᠳᠤ ᠮᠢᠺᠷᠤᠰᠺᠤᠫ ᠪᠣᠯᠵᠤ ᠪᠢᠯᠠ

ᠯᠤᠤᠱᠠᠨ ᠠᠭᠤᠯᠠᠨ ᠳᠤ ᠪᠠᠭᠢᠯᠠᠯᠳᠠ ᠶᠢ ᠰᠢᠪᠳᠤᠯᠬᠤ ᠳᠤ ᠬᠤᠰᠢᠭᠤᠴᠢ ᠪᠣᠯᠵᠤ ᠪᠢᠯᠠ

ᠯᠤᠤᠳᠤ ᠳᠡᠭ᠍ᠷᠢ ᠡᠴᠡ ᠬᠤᠷ᠎ᠠ ᠶᠢ ᠣᠷᠢᠬᠤ ᠳᠤ ᠠᠶᠤᠩᠭ᠋᠎ᠠ ᠪᠣᠯᠵᠤ ᠪᠢᠯᠠ

ᠳᠡᠯᠡᠭᠡᠢ ᠶᠢᠨ ᠨᠢᠷᠤᠭᠤᠨ ᠳᠤ ᠳᠤᠭ ᠶᠢᠡᠨ ᠮᠠᠠᠳᠤᠭᠤᠯᠬᠤ ᠳᠤ ᠳᠦᠷᠦᠭᠡ ᠪᠣᠯᠵᠤ ᠪᠢᠯᠠ

ᠳᠡᠭᠡᠳᠦᠰ ᠤᠨ ᠠᠯᠳᠠᠷ ᠶᠢᠡᠨ ᠳᠠᠶᠠᠩ ᠳᠤ ᠳᠠᠭᠤᠷᠢᠰᠤᠭᠤᠯᠬᠤ ᠳᠤ ᠳᠤᠩᠬᠠᠭ ᠪᠣᠯᠵᠤ ᠪᠢᠯᠠ

ᠣᠯᠠᠮᠵᠢᠯᠠᠯᠳᠤ ᠰᠤᠶᠤᠯ ᠶᠢᠡᠨ ᠵᠠᠯᠭᠠᠮᠵᠢᠯᠠᠨ ᠭᠦᠭ᠍ᠵᠢᠭᠦᠯᠭᠦ ᠳᠤ ᠦᠪ ᠪᠣᠯᠵᠤ ᠪᠢᠯᠠ

ᠣᠳᠤᠮᠳᠤ ᠦᠨᠳᠦᠰᠦᠳᠠᠨ ᠶᠢᠡᠨ ᠭᠦᠴᠦᠷᠭᠡᠭ᠍ᠵᠢᠭᠦᠯᠤᠨ ᠴᠢᠭᠢᠷᠠᠭᠵᠢᠭᠤᠯᠬᠤ ᠳᠤ ᠭᠦᠴᠤᠨ ᠪᠣᠯᠵᠤ ᠪᠢᠯᠠ

ᠣᠷᠠᠨ ᠨᠠᠢ᠌ᠷᠠᠭ ᠶᠢᠡᠨ ᠣᠶᠠᠩᠭ᠋ᠠᠯᠠᠨ ᠰᠢᠯᠦᠭᠯᠡᠭᠦ ᠳᠤ ᠠᠢ᠌ᠵᠠᠮ ᠪᠣᠯᠵᠤ ᠪᠢᠯᠠ

ᠣᠷᠳᠤ ᠶᠢᠨ ᠳᠠᠭᠤᠤ ᠪᠠᠨ ᠬᠠᠩᠭᠢᠨᠠᠭᠤᠯᠤᠨ ᠳᠠᠭᠤᠯᠠᠬᠤ ᠳᠤ ᠠᠶᠠᠯᠭᠤ ᠪᠣᠯᠵᠤ ᠪᠢᠯᠠ

ᠨᠠᠮ ᠤᠨ ᠣᠢ᠌ᠯᠠᠰ ᠲᠤ ᠨᠠᠰᠤ ᠪᠠᠷ ᠵᠢᠦᠡᠭᠦᠭᠦ ᠳᠤ ᠳᠠᠩᠭ᠋ᠠᠷᠢᠭ ᠪᠣᠯᠵᠤ ᠪᠢᠯᠠ

ᠨᠠᠷᠠᠯᠠᠭ ᠠᠮᠢᠳᠤᠷᠠᠯ ᠶᠢᠡᠨ ᠴᠤᠠᠠᠴᠠᠯᠠᠨ ᠪᠠᠢ᠌ᠭᠤᠯᠬᠤ ᠳᠤ ᠵᠢᠷᠭᠠᠯ ᠪᠣᠯᠵᠤ ᠪᠢᠯᠠ

ᠨᠠᠴᠢᠨ ᠤ ᠳᠠᠪᠢᠯᠳᠠ ᠪᠠᠷ ᠠᠯᠤᠰ ᠢ ᠵᠤᠷᠢᠬᠤ ᠳᠤ ᠳᠠᠯᠠᠪᠴᠢ ᠪᠣᠯᠵᠤ ᠪᠢᠯᠠ

ᠨᠠᠷᠠᠳᠤ ᠬᠤᠷᠸ᠎ᠠ ᠳᠤ ᠭᠦᠰᠡᠯ ᠶᠢᠡᠨ ᠪᠠᠶᠡᠯᠡᠭᠦᠯᠭᠦ ᠳᠤ ᠢᠷᠦᠭᠡᠯ ᠪᠣᠯᠵᠤ ᠪᠢᠯᠠ


ᠵᠢᠷᠭᠤᠭ᠎ᠠ


ᠡᠳᠦᠷ ᠰᠢᠭ᠌ ᠭᠡᠭᠡᠨ ᠰᠢᠨ᠎ᠠ ᠠᠮᠢᠳᠤᠷᠠᠯ ᠡᠰᠡᠨᠢᠭᠦ ᠳᠤ

ᠥᠷᠴᠢᠯᠡᠭᠡ ᠳᠦᠭᠦᠷᠦᠭ᠍ᠰᠡᠨ ᠡᠵᠢ ᠶᠢᠨ ᠮᠢᠨᠢ ᠮᠠᠩᠨᠠᠢ ᠳᠡᠨᠢᠭ᠍ᠰᠡᠨ ᠡ

ᠥᠷᠯᠦᠭ᠌ ᠨᠠᠮ ᠤᠨ ᠮᠡᠷᠭᠡᠨ ᠪᠣᠳᠤᠯᠭ᠎ᠠ ᠶᠢᠨ ᠳᠤᠶᠠᠭᠠᠯᠠᠯ ᠳᠤ

ᠦᠷᠦᠴᠠ ᠴᠢᠭᠡᠵᠢ ᠨᠢ ᠥᠷᠭᠡᠨ ᠳᠠᠯ᠎ᠠ ᠰᠢᠭ ᠬᠠᠨᠠᠢ᠌ᠠᠠᠰᠠᠨ ᠡ

ᠬᠠᠯᠠᠭᠤᠨ ᠬᠤᠰᠢᠭᠤᠳᠤ ᠪᠠᠨ ᠬᠠᠷᠠᠬᠤ ᠳᠤ ᠨᠢᠳᠤ ᠰᠢᠭ᠌ ᠶᠢᠡᠨ ᠬᠠᠢ᠌ᠷᠠᠯᠠᠠᠠᠰᠠᠨ ᠡᠴᠡ

ᠬᠠᠪᠰᠠᠷᠭ᠎ᠠ ᠵᠤᠳ ᠲᠤ ᠦᠨᠦᠴᠢᠨ ᠢᠰᠢᠭᠡ ᠴᠤ ᠬᠤᠭᠢᠷᠠᠭᠤᠯᠤᠠᠠᠰᠠᠨ ᠦᠭᠡᠶ

ᠬᠠᠮᠳᠤ ᠶᠢᠨ ᠶᠢᠡᠨ ᠳᠦᠯᠦᠭᠡ ᠬᠤᠶᠠᠷ ᠰᠡᠳᠭᠢᠯ ᠦᠭᠡᠶ ᠵᠢᠦᠡᠭᠦᠭ᠍ᠰᠡᠨ ᠡᠴᠡ

ᠬᠠᠰᠢᠷ ᠮᠠᠯᠴᠢᠨ ᠤ ᠭᠠᠪᠢᠶᠠᠨ ᠤ ᠣᠳᠤᠨ ᠭᠢᠯᠠᠯᠵᠠᠭᠤᠯᠤᠠᠠᠰᠠᠨ

ᠦᠨᠦᠴᠢᠨ ᠪᠣᠳᠤᠭᠤ ᠶᠢ ᠴᠤ ᠦᠷ᠎ᠡ ᠲᠡᠶ ᠪᠠᠨ ᠠᠳᠠᠯᠢ ᠡᠩᠭᠦᠷᠡᠢ᠌ᠯᠡᠭ᠍ᠰᠡᠨ ᠡᠴᠡ

ᠦᠨᠢᠷ ᠰᠥᠷᠦᠭ᠌ ᠲᠡᠭᠡᠨ ᠳᠦᠯ ᠤᠨ ᠨᠠᠮᠠᠷᠢ ᠪᠣᠯᠭᠠᠠᠠᠰᠠᠨ

ᠥᠳᠡᠯᠦᠭᠡ ᠨᠢᠯᠬᠠᠰ ᠢ ᠡᠷᠭᠦᠵᠤ ᠲᠡᠳᠬᠦᠵᠤ ᠬᠠᠯᠠᠮᠵᠢᠯᠠᠠᠠᠰᠠᠨ ᠡᠴᠡ

ᠥᠷᠭᠡᠨ ᠲᠦᠮᠡᠨ ᠳᠡᠭᠡᠨ ᠣᠯᠠᠨ ᠤ ᠡᠵᠢ ᠭᠡᠵᠤ ᠴᠤᠯᠠᠯᠠᠠᠠᠳᠠᠠᠠᠰᠠᠨ

ᠨᠢᠭᠡᠨ ᠰᠡᠳᠭᠢᠯ ᠶᠢᠡᠷ ᠨᠠᠮ ᠤᠨ ᠶᠢᠡᠨ ᠣᠢ᠌ᠯᠠᠰ ᠲᠤ ᠭᠢᠯᠠᠯᠵᠠᠭᠤᠯᠬᠤ ᠪᠠᠷ

ᠨᠡᠢ᠌ᠭᠡᠮ ᠤᠨ ᠰᠥᠷᠦᠭ᠌ ᠲᠤ ᠬᠤᠩᠭ᠋ᠤᠷ ᠦᠷ᠎ᠡ ᠪᠠᠨ ᠨᠡᠢ᠌ᠯᠡᠭᠦᠯᠦᠭ᠍ᠰᠡᠨ

ᠨᠢᠮᠭᠡᠨ ᠪᠠᠯᠴᠢᠭᠡᠷ ᠲᠡᠭᠡᠨ ᠳᠠᠨ᠎ᠠ ᠰᠤᠪᠣᠤᠨ ᠢ ᠢᠷᠠᠯᠵᠠᠭᠤᠯᠬᠤ ᠪᠠᠷ

ᠨᠠᠢ᠌ᠳᠠ ᠶᠢᠨ ᠰᠥᠷᠦᠭ᠌ ᠲᠤ ᠬᠤᠷᠠᠭ᠎ᠠ ᠢᠰᠢᠭᠡ ᠪᠠᠨ ᠢᠵᠢᠯᠢᠰᠢᠭᠦᠯᠦᠭ᠍ᠰᠡᠨ

ᠴᠢᠨ᠋ᠸ᠎ᠠ ᠣᠯᠢᠵᠤ ᠣᠭᠤᠯᠢ ᠢᠨᠢᠶᠡᠭ᠍ᠰᠡᠨ ᠮᠦᠴᠡ ᠳᠤ

ᠴᠢᠩ ᠵᠤᠷᠢᠭ ᠶᠢᠡᠷ ᠶᠢᠡᠨ ᠦᠷ ᠤᠨ ᠭᠢᠷᠠᠭ᠎ᠠ ᠶᠢ ᠣᠠᠠᠳᠤᠠᠠᠰᠠᠨ ᠡ

ᠴᠢᠦᠡᠭᠦᠷ ᠭᠠᠯᠵᠠᠭᠤᠷᠠᠵᠤ ᠰᠢᠮᠨᠤ ᠰᠠᠮᠠᠭᠤᠷᠠᠠᠠᠰᠠᠨ ᠴᠠᠭ ᠲᠤ

ᠴᠢᠮᠪᠠᠢ ᠠᠯᠠᠠᠤᠳᠠᠯ ᠶᠢᠡᠷ ᠶᠢᠡᠨ ᠦᠨᠡᠨ ᠤ ᠳᠠᠪᠴᠠᠩ ᠳᠤ ᠠᠯᠬᠤᠭᠰᠠᠨ ᠡ

ᠰᠥᠷᠦᠭ᠌ ᠶᠢᠡᠨ ᠪᠣᠯᠢᠶᠠᠠᠠᠳᠠᠵᠤ ᠬᠤᠳᠠ ᠬᠤᠭᠤᠰᠤᠷᠠᠠᠠᠰᠠᠨ ᠦᠶ᠎ᠡ ᠳᠤ

ᠰᠦᠰᠦ ᠰᠢᠭ᠌ ᠭᠠᠰᠢᠭᠤᠨ ᠢ ᠰᠢᠳᠤ ᠵᠠᠭᠤᠨ ᠳᠤᠭᠤᠯᠤᠠᠠᠰᠠᠨ

ᠰᠥᠷᠦᠭ᠌ ᠵᠤᠵᠠᠭᠠᠷᠠᠵᠤ ᠬᠤᠳᠠ ᠮᠢᠯᠢᠶᠠᠠᠠᠰᠠᠨ ᠡᠷᠡᠨ ᠳᠤ

ᠰᠥ᠋ ᠰᠢᠭ᠌ ᠠᠷᠢᠭᠤᠨ ᠢ ᠰᠠᠮᠪᠠᠢ ᠬᠠᠳᠠᠭ ᠲᠡᠶ ᠠᠪᠴᠢᠷᠠᠠᠠᠰᠠᠨ

ᠮᠥᠮᠥ ᠶᠢᠨ ᠰᠥ᠋ ᠰᠢᠭ᠌ ᠴᠠᠢ᠌ᠯᠭᠠᠨ ᠰᠢᠯᠦᠭ᠌ ᠮᠢᠨᠢ ᠵᠢᠭᠦᠷᠯᠡᠭᠡᠳ

ᠮᠥᠩᠭᠦᠨ ᠪᠣᠭᠤᠷᠤᠯ ᠡᠵᠢ ᠶᠢᠨ ᠮᠢᠨᠢ ᠮᠠᠩᠨᠠᠢ ᠶᠢ ᠥᠨᠦᠰᠦᠭ᠌

ᠮᠦᠷᠠᠨ ᠤ ᠴᠠᠯᠭᠢᠶᠠᠨ ᠰᠢᠭ ᠡᠵᠢ ᠶᠢᠨ ᠮᠢᠨᠢ ᠬᠠᠢ᠌ᠷ᠎ᠠ ᠶᠢ ᠭᠦᠯᠦᠭᠯᠡᠭᠡᠳ

ᠮᠥᠮᠦᠭᠦᠯᠦᠭ᠍ᠰᠡᠨ ᠭᠦᠤ ᠶᠢᠨ ᠶᠢᠡᠨ ᠵᠤᠯᠠᠢ ᠳᠡᠭᠡᠷ᠎ᠡ ᠨᠢ ᠳᠠᠭᠠᠯᠠᠭ

ᠭᠦᠳᠡᠭᠡ ᠶᠢᠨ ᠴᠡᠴᠡᠭ᠌ ᠰᠢᠭ᠌ ᠭᠠᠩᠭ᠋ᠠᠩ ᠰᠢᠯᠦᠭ᠌ ᠮᠢᠨᠢ ᠨᠢᠰᠦᠭᠡᠳ

ᠭᠦᠭ᠍ᠰᠢᠨ ᠪᠣᠭᠤᠷᠤᠯ ᠡᠵᠢ ᠶᠢᠨ ᠮᠢᠨᠢ ᠡᠯᠢᠭᠡᠨ ᠳᠤ ᠨᠠᠭᠠᠯᠳᠤᠭ

ᠭᠦᠭᠦᠨ ᠤ ᠰᠥ᠋ ᠰᠢᠭ᠌ ᠡᠵᠢ ᠶᠢᠨ ᠮᠢᠨᠢ ᠭᠡᠰᠢᠭ᠌ ᠢ ᠡᠪᠦᠷᠯᠡᠭᠡᠳ

ᠭᠦᠭᠡᠷᠦᠭᠦᠨ ᠦᠷ᠎ᠡ ᠶᠢᠨ ᠭᠢᠨᠢ ᠵᠢᠷᠦᠭᠡᠨ ᠳᠤᠯᠳᠤ ᠳᠤ ᠳᠡᠯᠭᠡᠷᠡᠭ᠌

ᠨᠠᠯᠠᠭᠠᠷ ᠲᠠᠯ᠎ᠠ ᠰᠢᠭ ᠵᠢᠷᠭᠠᠯ ᠶᠢᠡᠷ ᠶᠢᠡᠨ ᠮᠥᠰᠢᠶᠡᠭ᠍ᠰᠡᠨ ᠡᠵᠢ ᠮᠢᠨᠢ

ᠨᠠᠷᠠᠰᠤ ᠮᠠᠢ᠌ᠯᠠᠰᠤ ᠰᠢᠭ ᠮᠥᠩᠭᠡ ᠶᠢᠨ ᠰᠢᠳᠢ ᠣᠷᠤᠰᠢᠭ

ᠨᠠᠪᠴᠢ ᠴᠡᠴᠡᠭ᠌ ᠰᠢᠭ᠌ ᠳᠤᠷᠨᠢᠭᠤᠨ ᠴᠤᠪᠣᠭᠤ ᠦᠷᠡᠰ ᠲᠡᠭᠡᠨ

ᠨᠠᠰᠤᠨ ᠳᠤᠷᠰᠢᠭᠢ ᠥᠮᠦᠭ᠌ ᠳᠦᠰᠢᠭ᠌ ᠨᠢ ᠪᠣᠯᠤᠭ


ᠳᠤᠯᠤᠭ᠎ᠠ


ᠰᠡᠳᠭᠢᠯ ᠤᠨ ᠰᠦᠮᠪᠦᠷ ᠲᠤ ᠡᠵᠢ ᠮᠢᠨᠢ ᠳᠠ ᠰᠠᠷᠠᠪᠴᠢᠯᠠᠨ ᠵᠤᠠᠠᠰᠤᠵᠤ ᠪᠠᠢ᠌ᠨ᠎ᠠ

ᠰᠠᠨᠠᠭᠠᠨ ᠤ ᠰᠡᠵᠢᠭᠦᠷ ᠲᠤ ᠭᠦᠤ ᠴᠢᠨᠢ ᠪᠢ ᠰᠠᠷᠪᠠᠯᠵᠠᠨ ᠭᠦᠶ‍ᠦᠵᠤ ᠪᠠᠢ᠌ᠨ᠎ᠠ

ᠰᠠᠮᠰᠠ ᠵᠠᠭᠠᠳᠤᠨᠠᠮ᠎ᠠ ᠰᠦ᠋ ᠶᠢᠨ ᠴᠢᠨᠢ ᠦᠨᠦᠷ ᠰᠠᠩᠭᠢᠯᠵᠤ ᠪᠠᠢ᠌ᠨ᠎ᠠ

ᠰᠠᠩᠰᠠᠨ ᠳᠠᠪᠠᠯ ᠤᠨ ᠴᠢᠨᠢ ᠮᠥᠩᠭᠦᠨ ᠳᠤᠪᠴᠢ ᠭᠢᠯᠠᠯᠵᠠᠵᠤ ᠪᠠᠢ᠌ᠨ᠎ᠠ



ᠨᠠ᠊·ᠰᠤᠳᠨᠠᠮ 1949 ᠣᠨ ᠤ ᠪᠢᠯᠢᠭ᠌ ᠤᠨ ᠣᠯᠠᠷᠢᠯ ᠤᠨ ᠠᠷᠪᠠᠨ ᠨᠢᠭᠡᠨ ᠰᠠᠷ᠎ᠠ ᠳᠤ ᠦᠪᠣᠷ ᠮᠤᠩᠭ᠋ᠤᠯ ᠤᠨ ᠣᠯᠠᠭᠠᠠᠴᠠᠪ ᠴᠢᠭᠤᠯᠭᠠᠨ ᠤ ᠣᠷᠠᠤᠨ ᠤᠨ ᠪᠠᠷᠠᠭᠤᠨ ᠭᠦᠩ ᠤᠨ ᠬᠤᠰᠢᠭᠤᠨ ᠤ ᠶᠡᠭᠡ ᠰᠤᠮᠤᠨ ᠤ ᠮᠠᠯᠴᠢᠨ ᠨᠠᠰᠤᠠᠠᠳᠤᠷᠵᠢ ᠶᠢᠨ ᠣᠤᠬᠤᠨ ᠭᠦᠤ ᠪᠣᠯᠵᠤ ᠲᠦᠷᠦᠪᠠ᠃ ᠪᠠᠯᠴᠢᠷ ᠪᠠᠭ᠎ᠠ ᠨᠠᠰᠤᠨ ᠡᠴᠡ ᠪᠠᠨ ᠰᠤᠷᠭᠠᠭᠤᠯᠢ ᠰᠤᠶᠤᠯ ᠤᠨ ᠮᠦᠷ ᠭᠦᠭᠡᠭᠡᠵᠤ 1974—1977 ᠣᠨ ᠳᠤ ᠦᠪᠣᠷ ᠮᠤᠩᠭ᠋ᠤᠯ ᠤᠨ ᠪᠠᠠᠠᠰᠢ ᠶᠢᠨ ᠳᠡᠭᠡᠳᠤ ᠰᠤᠷᠭᠠᠭᠤᠯᠢ ᠶᠢᠨ ᠪᠢᠤᠯᠤᠭᠢ ᠶᠢᠨ ᠰᠠᠯᠪᠣᠷᠢ ᠳᠤ ᠰᠤᠷᠤᠯᠴᠠᠨ ᠳᠡᠭᠦᠰᠦᠭᠡᠳ᠂ ᠪᠠᠶᠠᠨᠠᠭᠤᠷ ᠠᠢ᠌ᠮᠠᠭ ᠤᠨ ᠣᠷᠠᠤᠨ ᠤᠨ ᠬᠣᠢ᠌ᠳᠤ ᠬᠤᠰᠢᠭᠤᠨ ᠤ ᠮᠤᠩᠭ᠋ᠤᠯ ᠰᠤᠷᠭᠠᠭᠤᠯᠢ ᠪᠠᠷ ᠠᠵᠢᠯ ᠤᠨ ᠠᠯᠪᠠ ᠬᠠᠭᠠᠪᠠ᠃ ᠣᠳᠤ ᠠᠵᠢᠯ ᠤᠨ ᠠᠮᠠᠷᠠᠯᠳᠠ ᠪᠠᠨ ᠠᠪᠣᠭᠠᠤᠨ ᠣᠷᠠᠤᠨ ᠤᠨ ᠬᠣᠢ᠌ᠳᠤ ᠬᠤᠰᠢᠭᠤᠨ ᠤ ᠳ᠋ᠦ᠋ᠩᠰᠢᠭᠤᠷ ᠪᠠᠯᠭᠠᠰᠤᠨ ᠳᠤ ᠰᠠᠭᠤᠵᠤ ᠪᠠᠢ᠌ᠨ᠎ᠠ᠃ ᠨᠠ᠊·ᠰᠤᠳᠨᠠᠮ ᠤᠨ ᠰᠢᠯᠦᠭ᠌ ᠤᠨ ᠣᠤᠭᠠᠨ ᠳᠡᠭᠦᠪᠦᠷᠢ ᠰᠡᠳᠭᠢᠯ ᠤᠨ ᠰᠦᠮᠪᠦᠷ 2000 ᠣᠨ ᠳᠤ ᠭᠡᠪᠯᠡᠭ᠍ᠳᠡᠵᠤ᠂ ᠤᠩᠰᠢᠡᠡᠴᠢ ᠣᠯᠠᠨ ᠤ ᠠᠩᠬᠠᠷᠤᠯ ᠢ ᠳᠠᠳᠠᠠᠠᠰᠠᠨ ᠪᠠᠢ᠌ᠨ᠎ᠠ᠃

ᠵᠤᠬᠢᠶᠠᠭᠴᠢ᠄ ᠨᠠ᠊·ᠰᠤᠳᠨᠠᠮ
ᠢᠷᠡᠯᠲᠡ᠄ ᠨᠠᠰᠤᠠᠪᠠᠭᠠᠳᠤᠷ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2627
ᠴᠠᠭ᠄ 2010 ᠤᠨ ᠤ 02 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ