☆ ᠣᠷᠢᠬᠠᠨ (ᠰᠤᠷᠤᠭᠴᠢ)
ᠮᠥᠩᠭᠡ ᠳᠤᠷᠠᠳᠬᠠᠯ ᠮᠤᠩᠭ᠋ᠤᠯ ᠰᠤᠶᠤᠯ ᠤᠨ ᠡᠳᠦᠷᠯᠢᠭ᠌
2009 ᠣᠨ ᠤ 4 ᠰᠠᠷ᠎ᠠ ᠶᠢᠨ 16 ᠤ ᠡᠳᠦᠷ ᠬᠦᠬᠡᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠲ᠋ᠤᠮᠳᠠᠳᠤ ᠰᠤᠷᠭᠠᠭᠤᠯᠢ ᠡᠵᠡᠨ ᠴᠢᠩᠭᠢᠰ ᠤᠨ ᠮᠡᠡᠳᠦᠯᠡᠭ᠍ᠰᠡᠨ 847 ᠵᠢᠯ ᠤᠨ ᠣᠢ ᠶᠢ ᠳᠤᠷᠠᠰᠬᠠᠨ ᠳᠡᠮᠳᠡᠭᠯᠡᠭᠦ ᠮᠤᠩᠭ᠋ᠤᠯ ᠰᠤᠶᠤᠯ ᠤᠨ ᠡᠳᠦᠷᠯᠢᠭ᠌ ᠢ ᠵᠤᠬᠢᠶᠠᠨ ᠪᠠᠢ᠌ᠭᠤᠯᠪᠠ᠃
ᠦᠳᠡ ᠶᠢᠨ ᠬᠣᠢ᠌ᠨ᠎ᠠ ᠶᠢᠨ 2 ᠴᠠᠭ ᠬᠠᠭᠠᠰ ᠲᠤ ᠮᠤᠩᠭ᠋ᠤᠯ ᠳᠤᠮᠳᠠᠳᠤ ᠰᠤᠷᠭᠠᠭᠤᠯᠢ ᠶᠢᠨ ᠭᠦᠷᠢᠶᠡᠨ ᠳᠤ ᠭᠦᠷ ᠭᠦᠭ᠍ᠵᠢᠶᠡᠨ ᠶᠢᠡᠷ ᠪᠢᠯᠬᠠᠨ ᠮᠤᠩᠭ᠋ᠤᠯ ᠬᠤᠪᠴᠠᠰᠤ ᠪᠠᠨ ᠡᠮᠦᠰᠦᠭ᠍ᠰᠡᠨ ᠪᠠᠭᠰᠢ ᠰᠤᠷᠤᠭᠴᠢᠳ ᠬᠠᠷ᠎ᠠ ᠰᠦᠯᠳᠡ ᠪᠠᠨ ᠡᠷᠭᠦᠨ ᠠᠷᠢᠭᠤᠨ ᠰᠠᠩ ᠶᠢᠡᠨ ᠡᠷᠭᠢᠵᠤ᠂ 《ᠬᠤᠷᠤᠢ︕ ᠬᠤᠷᠤᠢ︕》 ᠬᠤᠷᠣᠢ᠌ᠯᠠᠬᠤ ᠳᠠᠭᠤᠨ ᠦᠶ᠎ᠡ ᠦᠶ᠎ᠡ ᠨᠢᠵᠢᠭᠢᠨᠠᠨ ᠦᠨᠳᠦᠰᠦᠳᠠᠨ ᠤ ᠪᠠᠨ ᠴᠤᠭ ᠰᠦᠯᠳᠡ ᠶᠢ ᠭᠦᠮᠦᠰ ᠲᠤ ᠭᠠᠢ᠌ᠬᠠᠭᠤᠯᠵᠤ ᠪᠠᠢ᠌ᠯ᠎ᠠ᠃
ᠡᠨᠡ ᠣᠳᠠᠭᠠᠨ ᠤ ᠰᠤᠶᠤᠯ ᠤᠨ ᠡᠳᠦᠷᠯᠢᠭ᠌ ᠤᠨ ᠥᠵᠡᠭᠦᠯᠦᠯᠭᠡ ᠪᠠᠨ ᠰᠢᠨ᠎ᠠ ᠪᠠᠷ ᠪᠠᠷᠢᠭᠰᠠᠨ ᠬᠤᠭᠤᠯᠠᠨ ᠭᠡᠷ ᠤᠨ ᠶᠡᠭᠡ ᠳᠢᠩᠭᠢᠮ ᠳᠡᠭᠡᠨ ᠳᠤᠭᠢᠷᠠᠭᠤᠯᠵᠤ᠂ ᠬᠠᠨᠠᠨ ᠳᠡᠭᠡᠷ᠎ᠡ ᠪᠠᠨ ᠪᠣᠭᠳᠠ ᠴᠢᠩᠭᠢᠰ ᠤᠨ ᠭᠦᠷᠦᠭ᠌ ᠢ ᠳᠡᠭᠡᠳᠦᠯᠡᠨ ᠡᠯᠭᠦᠭᠡᠭᠡᠳ ᠡᠮᠦᠨ᠎ᠡ ᠨᠢ ᠭᠢᠯᠠᠭ᠎ᠠ᠂ ᠳᠡᠭᠡᠵᠢ᠂ ᠰᠦᠮᠤᠷ᠂ ᠳᠦᠳ᠂ ᠱᠥᠭᠦᠰᠤ ᠵᠡᠷᠭᠡ ᠳᠠᠭᠢᠯᠭ᠎ᠠ ᠶᠢᠨ ᠵᠣᠢ᠌ᠯ ᠢ ᠳᠠᠪᠠᠭᠯᠠᠨ ᠦᠷᠦᠵᠤ ᠡᠵᠡᠨ ᠪᠣᠭᠳᠠ ᠪᠠᠨ ᠳᠤᠷᠠᠰᠬᠠᠨ ᠰᠠᠨᠠᠭᠠᠯᠵᠠᠵᠤ ᠪᠠᠢ᠌ᠭ᠎ᠠ ᠰᠡᠳᠬᠢᠯᠭᠡ ᠪᠠᠨ ᠢᠯᠡᠳᠭᠡᠭ᠍ᠰᠡᠨ ᠪᠠᠢ᠌ᠨ᠎ᠠ᠃ ᠳᠤᠰ ᠡᠳᠦᠷ ᠤᠨ ᠭᠦᠳᠡᠯᠭᠡᠭᠡᠨ ᠢ ᠳᠡᠭᠡᠳᠤ ᠭᠤᠷᠪᠠ ᠶᠢᠨ ᠬᠤᠶᠠᠷ ᠠᠩᠭᠢ ᠡᠴᠡ ᠡᠷᠭᠢᠯᠡᠨ ᠭᠢᠵᠤ ᠡᠯ᠎ᠡ ᠣᠨ ᠤ ᠰᠤᠷᠤᠭᠴᠢᠳ ᠡᠴᠡ ᠥᠵᠡᠭ᠍ᠴᠢᠳ ᠣᠯᠠᠨ ᠳᠠᠭᠠᠨ ᠳᠠᠭᠤᠤ᠂ ᠰᠢᠯᠦᠭ᠌᠂ ᠪᠦᠵᠢᠭ᠌᠂ ᠱᠤᠭ ᠶᠠᠷᠢᠶ᠎ᠠ᠂ ᠴᠠᠴᠠ ᠪᠣᠯᠢᠶᠠᠯᠳᠤᠬᠤ᠂ ᠮᠤᠩᠭ᠋ᠤᠯ ᠬᠤᠪᠴᠠᠰᠤᠨ ᠥᠵᠡᠭᠦᠯᠦᠯᠭᠡ ᠵᠡᠷᠭᠡ ᠠᠭᠤᠯᠭ᠎ᠠ ᠪᠠᠶᠠᠯᠢᠭ᠂ ᠣᠤᠠᠬ᠎ᠠ ᠭᠦᠨ ᠳᠤᠭᠯᠠᠯᠳᠠ ᠭᠠᠷᠭᠠᠵᠤ ᠰᠤᠷᠭᠠᠭᠤᠯᠢ ᠶᠢᠨ ᠭᠦᠷᠢᠶᠡᠨ ᠤ ᠠᠮᠢᠳᠤᠷᠠᠯ ᠳᠠᠭᠠᠨ ᠰᠢᠨ᠎ᠠ ᠨᠢᠭᠡᠨ ᠥᠩᠭᠡ ᠪᠣᠳᠤᠭ ᠨᠠᠮᠠᠷᠢᠯᠠᠵᠠᠢ᠃ ᠮᠤᠩᠭ᠋ᠤᠯ ᠰᠤᠶᠤᠯ ᠳᠠᠭᠠᠨ ᠬᠠᠢ᠌ᠷᠠᠳᠠᠢ ᠭᠡᠳᠤᠨ ᠵᠠᠭᠤᠨ ᠥᠵᠡᠭ᠍ᠴᠢᠳ ᠳᠢᠩᠭᠢᠮ ᠳᠦᠭᠦᠷᠡᠩ ᠴᠤᠭᠯᠠᠷᠠᠵᠤ᠂ ᠮᠤᠩᠭ᠋ᠤᠯ ᠰᠤᠶᠤᠯ ᠤᠨ ᠭᠠᠢ᠌ᠬᠠᠮᠰᠢᠭ ᠲᠤ ᠰᠤᠭᠳᠤᠭᠤᠷᠠᠨ ᠭᠦᠭ᠍ᠵᠢᠨ ᠪᠠᠶᠠᠰᠬᠤ ᠳᠠᠭᠠᠨ ᠡᠷᠭᠡ ᠦᠭᠡᠶ ᠣᠤᠬᠠᠢ᠌ᠯᠠᠨ ᠬᠠᠰᠭᠢᠷᠤᠯᠳᠤᠨᠠ᠃ ᠮᠤᠩᠭ᠋ᠤᠯ ᠰᠤᠶᠤᠯ ᠶᠢᠡᠨ ᠭᠡᠰᠡᠨ ᠣᠯᠠᠭᠠᠨ ᠵᠢᠷᠦᠭᠡ ᠨᠢ ᠡᠢ᠌ᠮᠤ ᠯᠠ ᠦᠨᠡᠠᠴᠢ᠂ ᠪᠦᠭᠦᠨ ᠤ ᠰᠡᠳᠭᠢᠯ ᠢ ᠰᠤᠷᠢᠠᠵᠢᠨ ᠰᠢᠭ ᠳᠠᠳᠠᠭᠰᠠᠨ ᠮᠤᠩᠭ᠋ᠤᠯ ᠰᠤᠶᠤᠯ ᠭᠡᠭ᠍ᠴᠢ ᠳᠠᠢ᠌ᠮᠤ ᠯᠠ ᠰᠠᠢ᠌ᠬᠠᠨ ᠠᠵᠢ᠃
ᠮᠠᠨ ᠤ ᠰᠤᠷᠭᠠᠭᠤᠯᠢ ᠶᠢᠨ ᠨᠢᠭᠡᠨ ᠳᠤᠪᠣᠢ᠌ᠭᠰᠠᠨ ᠣᠠᠴᠠᠯᠢᠭ ᠭᠡᠪᠠᠯ ᠡᠢ᠌ᠮᠦᠷᠭᠦ ᠰᠤᠶᠤᠯ ᠤᠨ ᠭᠦᠳᠡᠯᠭᠡᠭᠡᠨ ᠢ ᠰᠤᠷᠤᠭᠴᠢᠳ ᠵᠢᠯ ᠵᠢᠯ ᠦᠪᠠᠰᠤᠪᠠᠨ ᠵᠤᠬᠢᠶᠠᠨ ᠪᠠᠢ᠌ᠭᠤᠯᠵᠤ᠂ ᠪᠦᠭᠦᠳᠡᠭᠡᠷ ᠭᠦᠳᠡᠯᠦᠯᠴᠡᠨ ᠭᠢᠳᠡᠭ᠌ ᠪᠦᠭᠡᠳ ᠠᠭᠤᠯᠭ᠎ᠠ ᠭᠡᠯᠪᠠᠷᠢ ᠪᠠᠨ ᠪᠠᠭᠰᠢ ᠶᠢᠨ ᠵᠢᠯᠤᠭᠤᠳᠤᠯᠭ᠎ᠠ ᠳᠤᠤᠷ᠎ᠠ ᠠᠯᠢ ᠣᠯᠠᠨ ᠳᠠᠯ᠎ᠠ ᠶᠢ ᠬᠠᠮᠤᠷᠠᠭᠰᠠᠨ ᠣᠠᠴᠠᠯᠢᠭ ᠲᠡᠶ᠂ ᠥᠩᠭᠡ ᠪᠣᠳᠤᠭ ᠲᠡᠶ ᠪᠣᠯᠭᠠᠬᠤ ᠪᠠᠷ ᠴᠢᠷᠮᠠᠢ᠌ᠳᠠᠭ ᠲᠤ ᠪᠠᠢ᠌ᠨ᠎ᠠ᠃ ᠳᠡᠭᠡᠭᠦ ᠪᠠᠷ ᠵᠤᠭᠰᠤᠬᠤ ᠦᠭᠡᠶ ᠠᠯᠢ ᠪᠣᠯᠬᠤ ᠪᠠᠷ ᠭᠡᠭᠡᠭ᠍ᠳᠡᠵᠤ ᠬᠠᠶᠠᠭᠳᠠᠬᠤ ᠭᠡᠵᠤ ᠪᠠᠢ᠌ᠭ᠎ᠠ ᠦᠨᠳᠦᠰᠦᠳᠠᠨ ᠤ ᠪᠠᠨ ᠢᠵᠠᠭᠤᠷ ᠰᠤᠶᠤᠯ ᠢ ᠳᠤᠭᠯᠠᠯᠳᠠ ᠶᠢᠨ ᠳᠠᠢ᠌ᠰᠠᠨ ᠳᠡᠭᠡᠷ᠎ᠡ ᠳᠠᠭᠢᠨ ᠠᠮᠢᠯᠠᠭᠤᠯᠬᠤ ᠪᠠᠷ ᠴᠢᠷᠮᠠᠢ᠌ᠵᠤ ᠪᠠᠢ᠌ᠭ᠎ᠠ ᠰᠤᠶᠤᠯ ᠤᠨ ᠣᠬᠠᠮᠰᠠᠷ ᠨᠢ ᠮᠠᠭᠳᠠᠭᠤᠰᠢᠳᠠᠢ᠃
ᠮᠤᠩᠭ᠋ᠤᠯ ᠳᠤᠮᠳᠠᠳᠤ ᠰᠤᠷᠭᠠᠭᠤᠯᠢ ᠡᠴᠡ ᠭᠤᠤᠯᠯᠠᠨ ᠡᠷᠭᠢᠯᠡᠵᠤ᠂ ᠳᠡᠭᠡᠳᠤ ᠭᠤᠷᠪᠠ ᠶᠢᠨ ᠬᠤᠶᠠᠷ ᠠᠩᠭᠢ ᠡᠴᠡ ᠳᠠᠭᠠᠭᠠᠴᠢᠯᠠᠨ ᠭᠢᠭ᠍ᠰᠡᠨ ᠢᠷᠦᠭᠡᠯ ᠲᠡᠶ᠂ ᠳᠤᠨᠤᠭ ᠲᠡᠶ᠂ ᠪᠠᠯᠭᠡ ᠲᠡᠶ ᠡᠨᠡᠭᠦ ᠰᠤᠶᠤᠯ ᠤᠨ ᠡᠳᠦᠷᠯᠢᠭ᠌ ᠤᠨ ᠭᠦᠳᠡᠯᠭᠡᠭᠡᠨ ᠶᠠᠭ ᠰᠠᠢ᠌ᠬᠠᠨ 4 ᠴᠠᠭ ᠭᠦᠭ᠍ᠵᠢᠶᠡᠨ ᠲᠡᠶ ᠶᠠᠪᠣᠭᠳᠠᠵᠤ ᠪᠠᠭᠰᠢ ᠰᠤᠷᠤᠭᠴᠢ ᠶᠢᠨ ᠠᠵᠢᠯ ᠰᠤᠷᠤᠯᠭ᠎ᠠ ᠶᠢᠨ ᠶᠠᠳᠠᠷᠠᠭ᠎ᠠ ᠴᠢᠯᠡᠭᠡ ᠶᠢ ᠳᠠᠢ᠌ᠯᠵᠤ᠂ ᠥᠵᠡᠭ᠍ᠴᠢᠳ ᠣᠯᠠᠨ ᠶᠢᠡᠨ ᠪᠠᠶᠠᠰᠬᠠᠭᠰᠠᠨ ᠮᠥᠷᠳᠡᠭᠡᠨ ᠨᠠᠩ ᠴᠢᠬᠤᠯᠠ ᠨᠢ ᠡᠵᠡᠨ ᠴᠢᠩᠭᠢᠰ ᠤᠨ ᠮᠡᠡᠳᠦᠯᠡᠭ᠍ᠰᠡᠨ ᠡᠨᠡᠭᠦ ᠦᠯᠵᠡᠢ᠌ᠳᠤ ᠡᠳᠦᠷ ᠢ ᠮᠥᠷᠦᠭᠡᠳᠤᠨ ᠳᠡᠮᠳᠡᠭᠯᠡᠵᠤ ᠣᠯᠠᠨ ᠰᠤᠷᠤᠭᠴᠢᠳ ᠬᠤᠭᠤᠷᠤᠠᠳᠤ ᠪᠠᠨ ᠣᠷ᠎ᠠ ᠠᠪᠢᠶᠠᠰ ᠶᠢᠡᠨ ᠰᠤᠷᠢᠨ ᠴᠢᠩᠭᠢᠰ ᠤᠨ ᠬᠣᠢ᠌ᠴᠢᠰ ᠭᠡᠳᠡᠭ᠌ ᠶᠢᠡᠨ ᠨᠡᠢ᠌ᠭᠡᠮ ᠳᠤ ᠳᠠᠨᠢᠭᠤᠯᠤᠭᠰᠠᠨ ᠪᠠᠢ᠌ᠨ᠎ᠠ᠃
《ᠮᠥᠩᠭᠡ ᠳᠤᠷᠠᠳᠬᠠᠯ ᠮᠤᠩᠭ᠋ᠤᠯ ᠰᠤᠶᠤᠯ ᠤᠨ ᠡᠳᠦᠷᠯᠢᠭ᠌》 ᠭᠡᠮᠡᠭᠦ ᠮᠤᠩᠭ᠋ᠤᠯ ᠰᠤᠶᠤᠯ ᠤᠨ ᠨᠠᠢ᠌ᠷ ᠢᠩᠭᠢᠭᠡᠳ ᠠᠮᠵᠢᠯᠳᠠ ᠲᠡᠶ ᠦᠨᠳᠦᠷᠯᠠᠯ᠎ᠠ᠃ ᠰᠠᠢ᠌ᠠᠬᠠᠨ ᠴᠤ ᠶᠠᠪᠣᠭᠳᠠᠯ᠎ᠠ᠃ ᠡᠨᠡ ᠪᠣᠯ ᠳᠡᠭᠡᠳᠤ ᠭᠤᠷᠪᠠ ᠶᠢᠨ ᠬᠤᠶᠠᠷ ᠠᠩᠭᠢ ᠡᠴᠡ ᠡᠭᠡ ᠰᠤᠷᠭᠠᠭᠤᠯᠢ ᠳᠠᠭᠠᠨ ᠥᠯᠡᠳᠡᠭᠡᠭ᠍ᠰᠡᠨ ᠬᠠᠮᠤᠭ ᠰᠡᠭᠦᠯᠴᠢ ᠶᠢᠨ ᠳᠤᠷᠠᠰᠬᠠᠯ ᠪᠦᠭᠡᠳ ᠮᠦᠨᠴᠤ ᠭᠦᠰᠡᠯ ᠢᠷᠦᠭᠡᠯ ᠨᠢ ᠪᠣᠯᠤᠨ᠎ᠠ᠃ ᠡ᠊ᠨᠳᠡ ᠡᠨᠡ ᠣᠳᠠᠭᠠᠨ ᠤ ᠨᠠᠢ᠌ᠷ ᠳᠠᠭᠤᠰᠤᠭᠰᠠᠨ ᠪᠣᠯᠪᠠᠴᠤ ᠮᠤᠩᠭ᠋ᠤᠯ ᠰᠤᠶᠤᠯ ᠤᠨ ᠢᠷᠡᠭᠡᠳᠦᠢ ᠳᠠᠭᠤᠰᠤᠭ᠎ᠠ ᠦᠭᠡᠶ᠃ ᠡᠨᠡ ᠨᠠᠢ᠌ᠷ ᠵᠢᠯ ᠡᠴᠡ ᠵᠢᠯ ᠰᠠᠢ᠌ᠬᠠᠨ ᠶᠠᠪᠣᠭᠳᠠᠵᠤ᠂ ᠮᠤᠩᠭ᠋ᠤᠯ ᠰᠤᠶᠤᠯ ᠤᠨ ᠮᠢᠨᠢ ᠮᠥᠩᠭᠡ ᠨᠠᠢ᠌ᠷ ᠪᠣᠯᠤᠨ᠎ᠠ ᠭᠡᠳᠡᠭ᠌ ᠢ ᠪᠢ ᠢᠳᠡᠭᠡᠵᠤ ᠪᠠᠢ᠌ᠨ᠎ᠠ᠃
ᠵᠤᠬᠢᠶᠠᠭᠴᠢ᠄ ᠣᠷᠢᠬᠠᠨ (ᠰᠤᠷᠤᠭᠴᠢ)
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠤᠶᠤᠯ ᠣᠷᠠᠯᠢᠭᠳᠠᠷᠤᠮ᠄ 7484
ᠴᠠᠭ᠄ 2009 ᠤᠨ ᠤ 04 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ