ᠨᠡᠪᠲᠡᠷᠡᠨ ᠤᠷᠤᠬᠤ
ᠰᠡᠷᠭᠦᠯᠡᠩ ᠠᠪᠬᠠᠯᠵᠢ ᠲᠡᠶ ᠳᠠᠷᠠ ᠭᠡᠦᠭᠡᠨ

ᠰᠤᠭᠣᠢ᠌ᠭᠰᠠᠨ ᠭᠠᠯᠪᠢᠷ ᠦᠨᠳᠦᠷ ᠪᠠᠶ᠎ᠠ ᠳᠠᠢ

ᠰᠠᠷᠠᠨ ᠳᠠᠭᠢᠨᠢ ᠶᠢ ᠢᠴᠢᠭᠡᠮᠡᠷ ᠥᠵᠡᠰᠭᠦᠯᠡᠩ

ᠰᠡᠷᠭᠦᠯᠡᠩ ᠠᠪᠬᠠᠯᠵᠢ ᠲᠡᠶ ᠳᠠᠷᠠ ᠭᠡᠦᠭᠡᠨ

ᠬᠠᠢ᠌ᠷ᠎ᠠ ᠰᠡᠳᠭᠢᠯ ᠤᠨ ᠭᠦᠪᠴᠢ ᠶᠢ ᠴᠢᠪᠬᠠᠳᠠᠨ᠎ᠠ᠃ 

    

ᠴᠯᠮᠠᠩ ᠨᠢᠳᠤ ᠳᠤᠩᠭ᠋ᠠᠯᠠᠭ ᠬᠠᠷᠠᠴᠠ ᠳᠠᠢ

ᠴᠡᠴᠡᠭ᠌ ᠬᠤᠸᠠᠷ ᠢ ᠭᠤᠳᠤᠭᠠᠮᠠᠷ ᠭᠤᠶᠤᠬᠠᠨ

ᠴᠡᠭᠡᠯᠭᠡᠨ ᠬᠤᠭᠤᠯᠠᠢ ᠲᠡᠶ ᠳᠠᠷᠠ ᠭᠡᠦᠭᠡᠨ

ᠳᠤᠷ᠎ᠠ ᠭᠦᠰᠡᠯ ᠤᠨ ᠪᠠᠬᠠᠷᠬᠠᠯ ᠢ ᠳᠠᠳᠠᠨ᠎ᠠ᠃ 

    

ᠣᠶᠠᠩᠭ᠋ᠠᠬᠠᠨ ᠡᠭᠡᠰᠢᠭᠯᠡᠭᠦ ᠬᠤᠭᠤᠯᠠᠢ ᠨᠢ

ᠣᠷᠠᠨ ᠪᠣᠯᠵᠤᠮᠤᠷ ᠲᠡᠶ ᠮᠥᠴᠡᠭᠡᠷᠭᠡᠮᠡᠷ

ᠣᠷᠳᠤ ᠬᠠᠷ᠎ᠠ ᠭᠡᠵᠢᠭᠡ ᠨᠢ

ᠣᠷᠤᠰᠤᠮᠠᠯ ᠭᠦᠷᠭᠢᠷ᠎ᠡ ᠲᠡᠶ ᠡ᠊ᠨᠳᠡᠭᠦᠷᠡᠮᠡᠷ᠃

    

ᠣᠳᠠᠨ ᠨᠠᠪᠴᠢᠨ ᠭᠦᠮᠦᠰᠭᠡ ᠨᠢ

ᠭᠦᠷᠢ ᠬᠤᠷᠤᠬᠠᠢ ᠠᠳᠠᠭᠠᠷᠬᠠᠮᠠᠷ᠂ 

ᠣᠯᠠᠭᠠᠨ ᠰᠢᠩᠬᠤᠨ ᠣᠷᠤᠭᠤᠯ ᠨᠢ

ᠠᠭᠤᠯᠠᠨ ᠰᠠᠷᠠᠯᠠᠩ ᠪᠠᠬᠠᠷᠬᠠᠮᠠᠷ᠃

  

ᠣᠰᠬᠠᠯ ᠳᠤᠩᠭ᠋ᠠᠯᠠᠭ ᠬᠤᠶᠠᠷ ᠨᠢᠳᠤᠨ ᠡᠴᠡ ᠨᠢ

ᠣᠶᠤᠨ ᠪᠢᠯᠢᠭ᠌ ᠤᠨ ᠣᠴᠢ ᠭᠢᠯᠠᠯᠵᠠᠨ᠎ᠠ᠂

ᠣᠯᠠᠭᠠᠨ ᠪᠣᠠᠳᠤᠭᠤᠷ ᠬᠤᠶᠠᠷ ᠬᠠᠴᠠᠷ ᠡᠴᠡ ᠨᠢ

ᠣᠬᠠᠭ᠎ᠠ ᠳᠠᠮᠢᠷ ᠤᠨ ᠣᠯᠠᠭ᠎ᠠ ᠪᠣᠳᠠᠷᠠᠨ᠎ᠠ᠃

    

ᠣᠰᠤᠨ ᠪᠣᠯᠤᠷ ᠬᠤᠶᠠᠷ ᠨᠢᠳᠤ ᠨᠢ

ᠠᠪᠬᠠᠯᠵᠢ ᠰᠡᠷᠭᠦᠯᠡᠩ ᠮᠠᠯᠮᠠᠯᠵᠠᠨ ᠳᠤᠷᠮᠤᠯᠵᠠᠭᠠᠤᠨ

ᠣᠴᠠᠷᠠᠵᠤ ᠵᠤᠯᠭᠠᠭᠰᠠᠨ ᠭᠦᠮᠤᠨ ᠪᠣᠯᠭᠠᠨ ᠳᠠᠢ

ᠣᠶᠠᠬᠠᠨ ᠳᠠᠭᠤᠨ ᠶᠢᠡᠷ ᠬᠠᠯᠠᠭᠤᠮᠰᠤᠭ ᠮᠠᠠᠳᠤᠴᠢᠯᠠᠨ᠎ᠡ᠃

  

ᠣᠯᠢᠶᠠᠷᠬᠠᠭ ᠳᠦᠷᠦᠭ᠍ᠰᠡᠨ ᠣᠰᠬᠠᠯ ᠬᠠᠷᠠᠴᠠ ᠳᠠᠢ

ᠠᠪᠬᠠᠯᠵᠢ ᠰᠡᠷᠭᠦᠯᠡᠩ ᠳᠠᠷᠠ ᠭᠡᠦᠭᠡᠨ

ᠣᠴᠷᠠᠭᠰᠠᠨ ᠪᠣᠯᠭᠠᠨ ᠤ ᠱᠠᠭᠰᠢᠯ ᠢ ᠣᠯᠵᠤ

ᠠᠭᠢᠭᠠᠤᠨ ᠠᠭᠤᠯᠵᠠᠬᠤ ᠶᠢᠨ ᠭᠦᠰᠡᠯ ᠭᠡᠵᠢᠭᠡᠳᠡᠨ᠎ᠡ ︕

  

ᠵᠤᠬᠢᠶᠠᠭᠴᠢ ᠶᠢᠨ ᠬᠠ‍‌ᠶᠢᠭ ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠷᠠᠭᠤᠨ ᠳᠠᠪᠢᠨ ᠰᠤᠷᠭᠠᠭᠤᠯᠢ

ᠵᠤᠬᠢᠶᠠᠭᠴᠢ᠄ ᠠᠰᠬ᠎ᠠ ᠶᠢᠨ ᠣᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2651
ᠴᠠᠭ᠄ 2011 ᠤᠨ ᠤ 07 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ