ᠨᠡᠪᠲᠡᠷᠡᠨ ᠤᠷᠤᠬᠤ
ᠬᠠᠷᠠᠭᠳᠠᠬᠤ ᠪᠠᠨ ᠪᠣᠯᠢᠯ᠎ᠠ

ᠳᠠᠨᠠᠨ ᠴᠠᠭᠠᠨ ᠮᠤᠩᠭ᠋ᠤᠯ ᠭᠡᠷ

ᠳᠠᠯ᠎ᠠ ᠳᠤ ᠴᠠᠢ᠌ᠯᠵᠠᠵᠤ ᠬᠠᠷᠠᠭᠳᠠᠬᠤ ᠪᠠᠨ ᠪᠣᠯᠢᠯ᠎ᠠ

ᠠᠷᠭᠠᠯ ᠤᠨ ᠴᠡᠩᠭᠡᠷ ᠣᠳᠤᠭ᠎ᠠ ᠨᠢ

ᠠᠭᠠᠷ ᠲᠤ ᠰᠤᠪᠣᠷᠠᠵᠤ ᠬᠠᠷᠭᠳᠠᠬᠤ ᠪᠠᠨ ᠪᠣᠯᠢᠯ᠎ᠠ

ᠳᠠᠪᠤᠨ ᠬᠤᠰᠢᠭᠤ ᠮᠠᠯ ᠊ᠤᠨ

ᠳᠠᠪᠠᠳᠠᠢ ᠪᠠᠯᠴᠢᠭᠦ ᠨᠢ ᠬᠠᠷᠠᠭᠳᠠᠬᠤ ᠪᠠᠨ ᠪᠣᠯᠢᠯ᠎ᠠ

ᠳᠠᠩᠰᠤᠭ ᠰᠠᠢ᠌ᠬᠠᠨ ᠪᠠᠯᠴᠢᠭᠡᠷ

ᠳᠠᠪᠠᠯᠭᠠᠯᠠᠵᠤ ᠬᠠᠯᠢᠭᠤᠷᠠᠬᠤ ᠨᠢ ᠬᠠᠷᠠᠭᠳᠠᠬᠤ ᠪᠠᠨ ᠪᠣᠯᠢᠯ᠎ᠠ

ᠭᠦᠪᠠᠭᠡ ᠭᠢᠵᠠᠭᠠᠷ ᠦᠭᠡᠶ ᠨᠡᠯᠥᠢᠳᠡᠭ᠌

ᠨᠤᠭᠤᠭᠠᠨ ᠳᠠᠯ᠎ᠠ ᠬᠠᠷᠠᠭᠳᠠᠬᠤ ᠪᠠᠨ ᠪᠣᠯᠢᠯ᠎ᠠ

ᠭᠦᠨᠦᠭ᠌ ᠪᠣᠳᠤᠩ ᠳᠤ ᠪᠢᠯᠬᠠᠷᠠᠳᠠᠭ

ᠴᠠᠭᠠᠨ ᠢᠳᠡᠭᠡᠨ ᠬᠠᠷᠠᠭᠳᠠᠬᠤ ᠪᠠᠨ ᠪᠣᠯᠢᠯ᠎ᠠ

ᠠᠷᠤ ᠶᠢᠨ ᠴᠠᠢ᠌ᠳᠠᠮ ᠶᠢᠡᠷ ᠪᠠᠯᠴᠢᠳᠡᠭ᠌

ᠠᠳᠤᠭᠤᠨ ᠰᠥᠷᠦᠭ᠌ ᠬᠠᠷᠠᠭᠳᠠᠬᠤ ᠪᠠᠨ ᠪᠣᠯᠢᠯ᠎ᠠ

ᠠᠷᠭᠠᠯ ᠳᠡᠭᠦᠭᠦ ᠳᠤ ᠭᠡᠷᠡᠭᠯᠡᠳᠡᠭ᠌

ᠠᠷᠤᠭ ᠰᠠᠪᠠᠷ ᠬᠠᠷᠠᠭᠳᠠᠬᠤ ᠪᠠᠨ ᠪᠣᠯᠢᠯ᠎ᠠ

ᠮᠤᠩᠭ᠋ᠤᠯ ᠠᠪᠣ ᠶᠢᠨ ᠮᠤᠰᠭᠢᠭᠰᠠᠨ

ᠴᠢᠳᠤᠷ ᠳᠤᠱᠠᠭ᠎ᠠ ᠬᠠᠷᠠᠭᠳᠠᠬᠤ ᠪᠠᠨ ᠪᠣᠯᠢᠯ᠎ᠠ

ᠮᠠᠯᠴᠢᠨ ᠡᠵᠢ ᠶᠢᠨ ᠵᠠᠩᠭᠢᠳᠤᠭᠰᠠᠨ

ᠳᠤᠪᠴᠢ ᠰᠢᠯᠪᠢ ᠬᠠᠷᠠᠭᠳᠠᠬᠤ ᠪᠠᠨ ᠪᠣᠯᠢᠯ᠎ᠠ

ᠮᠥᠷᠭᠦᠵᠤ ᠰᠥᠭᠦᠷᠡᠵᠤ ᠮᠡᠡᠳᠦᠴᠢᠯᠡᠳᠡᠭ᠌

ᠮᠤᠩᠭ᠋ᠤᠯ ᠵᠠᠩ ᠬᠠᠷᠠᠭᠳᠠᠬᠤ ᠪᠠᠨ ᠪᠣᠯᠢᠯ᠎ᠠ

ᠬᠤᠨᠤᠭᠤᠳᠠ ᠥᠡᠵᠢᠭᠦᠳᠡ ᠨᠠᠢ᠌ᠷᠯᠠᠳᠠᠭ

ᠬᠤᠷᠢᠮ ᠤᠨ ᠶᠤᠰᠤ ᠬᠠᠷᠠᠭᠳᠠᠬᠤ ᠪᠠᠨ ᠪᠣᠯᠢᠯ᠎ᠠ᠁


ᠵᠤᠬᠢᠶᠠᠭᠴᠢ ᠶᠢᠨ ᠬᠠᠶ‍ᠢᠭ ᠄ ᠬᠠᠩᠭᠢᠨ ᠬᠤᠰᠢᠭᠤᠨ ᠭᠦᠭᠡᠮᠦᠳᠤ ᠰᠤᠷᠭᠠᠭᠤᠯᠢ

ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2643
ᠴᠠᠭ᠄ 2009 ᠤᠨ ᠤ 12 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ