ᠨᠡᠪᠲᠡᠷᠡᠨ ᠤᠷᠤᠬᠤ
ᠮᠢᠨᠤ ᠨᠤᠳᠤᠭ ᠊᠊᠊᠊᠊᠊᠊᠊᠊᠊᠊᠊᠊᠊᠊ ᠡᠯᠡᠰᠤ

ᠮᠢᠨᠤ ᠨᠤᠳᠤᠭ ᠊᠊᠊᠊᠊᠊᠊᠊᠊᠊᠊᠊᠊᠊᠊ ᠡᠯᠡᠰᠤ

ᠭᠦᠭᠡ ᠳᠡᠭ᠍ᠷᠢ ᠳᠡᠭᠡᠨ ᠪᠣᠯᠵᠤᠮᠤᠷ ᠤᠨ ᠳᠤᠩᠭ᠋ᠤᠳᠤᠭ᠎ᠠ ᠳᠠᠢ

ᠭᠦᠪᠴᠢ ᠭᠡᠭᠡᠷ᠎ᠡ ᠳᠡᠭᠡᠨ ᠴᠡᠴᠡᠭ᠌ ᠤᠨ ᠮᠦᠰᠢᠶᠠᠯ ᠳᠠᠢ

ᠭᠦᠡᠳᠡᠢ ᠶᠢᠨ ᠪᠠᠯᠴᠢᠭᠡᠷ ᠲᠡᠭᠡᠨ ᠠᠳᠤᠭᠤᠳ ᠤᠨ ᠳᠤᠭᠤᠰᠤ ᠳᠠᠢ

ᠭᠦᠮᠤᠨ ᠠᠢ᠌ᠯ ᠳᠠᠭᠠᠨ ᠪᠠᠶᠠᠵᠢᠯ ᠤᠨ ᠵᠤᠭᠤᠭ ᠲᠡᠶ᠃

ᠮᠠᠯ ᠶᠢᠡᠨ ᠬᠠᠷᠢᠭᠤᠯᠤᠭᠰᠠᠨ ᠮᠠᠯᠴᠢᠳ ᠤᠨ ᠠᠮᠢᠳᠤᠷᠠᠯ ᠨᠢ

ᠠᠢ᠌ᠷᠠᠭ᠂ ᠴᠡᠭᠡ ᠶᠢᠨ ᠴᠠᠯᠭᠢᠶᠠᠨ ᠲᠡᠶ

ᠳᠠᠷᠢᠶ᠎ᠠ ᠪᠠᠨ ᠬᠠᠯᠢᠷᠠᠭᠤᠯᠤᠭᠰᠠᠨ ᠳᠠᠷᠢᠶᠠᠴᠢᠳ ᠤᠨ ᠣᠠᠳᠤᠷᠤᠯ ᠨᠢ

ᠳᠤᠰᠤ᠂ ᠠᠮᠤ ᠶᠢᠨ ᠪᠢᠯᠬᠠᠷᠠᠭᠠᠨ ᠲᠡᠶ᠃

ᠠᠵᠠ ᠶᠢᠨ ᠭᠡᠢ᠌ᠮᠦᠷᠢ ᠬᠠᠷᠠᠵᠤ

ᠨᠠᠷᠠ ᠣᠢ᠌ᠷᠠᠬᠠᠨ ᠵᠢᠷᠭᠠᠳᠠᠭ

ᠨᠠᠩᠭᠢᠶᠠᠤᠨ ᠭᠦᠮᠤᠨ ᠲᠡᠶ ᠵᠠᠩ ᠬᠤᠤᠠᠬᠤᠭᠰᠠᠨ ᠥᠭᠡᠢ

ᠴᠠᠪᠠᠷ ᠮᠤᠩᠭ᠋ᠤᠯ ᠭᠦᠮᠤᠨ ᠠᠷᠠᠤᠨ ᠲᠡᠶ᠃

ᠪᠣᠰᠤᠳ ᠤᠨ ᠨᠥᠯᠦᠭᠡᠨ ᠳᠤ ᠪᠣᠭᠢᠷᠳᠤᠭ᠎ᠠ ᠦᠭᠡᠶ

ᠪᠣᠰᠤᠭ᠎ᠠ ᠳᠡᠭ᠍ᠷᠢᠯᠢᠭ᠌ ᠭᠡᠯᠡ ᠰᠤᠶᠤᠯ ᠲᠡᠶ᠃

ᠪᠦᠭᠦᠰᠢ ᠦᠭᠡᠶ ᠭᠦᠭᠡ ᠲᠦᠯᠦ ᠊᠊᠊᠊᠊᠊᠊᠊᠊᠊᠊᠊᠊᠊᠊

ᠮᠥᠭᠦᠰᠢ ᠦᠭᠡᠶ ᠮᠤᠩᠭ᠋ᠤᠯ ᠥᠭᠡ ᠲᠡᠶ᠃

ᠮᠥᠩᠭᠡ ᠳᠡᠭ᠍ᠷᠢ ᠶᠢᠨ ᠴᠢᠩᠭᠢᠰ ᠰᠢᠳᠦᠯᠭᠡ ᠳᠠᠢ

ᠡᠩᠭᠡ ᠳᠡᠯᠡᠭᠡᠢ ᠶᠢᠨ ᠰᠠᠢ᠌ᠬᠠᠨ ᠤ ᠢᠷᠦᠭᠡᠯ ᠲᠡᠶ

ᠡᠰᠡᠨᠢᠯ ᠪᠠᠢ᠌ᠭᠠᠯᠢ ᠨᠢ ᠠᠮᠢᠵᠢᠷᠠᠯ ᠤᠨ ᠣᠶᠠᠩᠭ᠋᠎ᠠ ᠲᠡᠶ

ᠡᠷᠡᠯᠭᠡᠭ᠌ ᠮᠤᠩᠭ᠋ᠤᠯᠴᠤᠳ ᠨᠢ ᠪᠣᠶᠠᠨ ᠤ ᠭᠡᠢ᠌ᠮᠦᠷᠢ ᠲᠡᠶ᠃

ᠬᠤᠷᠴᠢᠨ ᠴᠦᠯ ᠳ᠋ᠠᠭᠢ ᠨᠢᠭᠡ ᠰᠠᠭᠤᠷᠢᠰᠢᠯ᠂

ᠭᠦᠷᠢᠶ᠎ᠡ ᠬᠤᠰᠢᠭᠤ᠂ ᠡᠯᠡᠰᠤᠨ ᠪᠠᠯᠭᠠᠰᠤ ᠡ

ᠨᠠᠷ᠎ᠠ ᠨᠢ ᠡᠯᠡᠰᠤ ᠴᠤ ᠨᠢᠳᠠᠷ ᠨᠢ ᠨᠤᠭᠤᠭᠠᠨ ᠬᠤᠷᠸ᠎ᠠ

ᠨᠠᠳᠠ ᠳᠤ ᠵᠠᠶᠠᠭᠠᠭᠰᠠᠨ ᠨᠤᠳᠤᠭ ᠶᠤᠮ ᠡ᠃

ᠡᠵᠢ ᠶᠢᠨ ᠮᠢᠨᠢ ᠢᠷᠦᠭᠡᠯ ᠰᠠᠴᠤᠯᠢ ᠪᠠᠷ

ᠰᠦ᠋ ᠶᠢᠨ ᠥᠨᠦᠷᠵᠢᠭ᠍ᠰᠡᠨ ᠡᠩᠭᠡ ᠶᠢᠨ ᠣᠷᠤᠨ

ᠡᠯᠡᠰᠤ ᠪᠣᠯᠪᠠᠴᠤ ᠡᠷᠳᠡᠨᠢ ᠡᠴᠡ ᠦᠨᠡᠳᠠᠢ

ᠡᠯᠢᠭᠡᠨ ᠬᠠᠯᠠᠭᠤᠨ ᠰᠢᠷᠤᠢ ᠪᠢᠯᠠ᠃

ᠠᠪᠣ ᠶᠢᠨ ᠮᠢᠨᠢ ᠠᠳᠤᠭᠤᠨ ᠡᠷᠢᠯ ᠵᠢᠠᠷ

ᠰᠦᠯᠵᠢᠵᠤ ᠵᠢᠷᠤᠬᠠᠢ᠌ᠵᠢᠭᠰᠠᠨ ᠭᠠᠵᠠᠷ ᠣᠰᠤᠨ᠂

ᠠᠯᠳᠠ ᠭᠠᠷᠬᠤ ᠦᠭᠡᠶ ᠴᠤ ᠮᠥᠩᠭᠦ ᠪᠠᠷ ᠰᠤᠯᠢᠬᠤ ᠦᠭᠡᠶ

ᠠᠮᠢᠨ ᠬᠠᠢ᠌ᠷᠠᠳᠠᠢ ᠥᠯᠦᠭᠡᠢ ᠶᠤᠮ ᠡ᠃


2009 ᠣᠨ ᠤ 6 ᠰᠠᠷ᠎ᠠ ᠳᠤ᠃

ᠵᠤᠬᠢᠶᠠᠭᠴᠢ᠄ ᠪᠦᠷᠢᠠᠳᠤᠩᠭ᠋ᠠᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2768
ᠴᠠᠭ᠄ 2009 ᠤᠨ ᠤ 06 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ