ᠨᠡᠪᠲᠡᠷᠡᠨ ᠤᠷᠤᠬᠤ
ᠰᠢᠨ᠎ᠡ ᠶᠢ ᠡᠭᠦᠳᠭᠦ ᠰᠡᠳᠭᠢᠭᠦᠢ ᠪᠠ ᠵᠠᠳᠠᠷᠠᠭᠤᠯᠬᠤ ᠰᠡᠳᠭᠢᠭᠦᠢ ᠶᠢᠨ ᠳᠤᠬᠠᠢ ᠮᠥᠴᠢᠳᠭᠡᠨ ᠰᠢᠠᠵᠢᠯᠠᠯᠳᠠ

ᠰᠤᠷᠭᠠᠨ ᠭᠦᠮᠦᠵᠢᠯ ᠤᠨ ᠠᠵᠢᠯ ᠳᠤ ᠰᠤᠷᠭᠠᠭᠤᠯᠢ ᠶᠢᠨ ᠰᠤᠷᠭᠠᠨ ᠭᠦᠮᠦᠵᠢᠯ ᠶᠢᠡᠷ ᠭᠤᠤᠯ ᠠᠷᠭ᠎ᠠ ᠠᠪᠴᠢᠯ ᠶᠢᠡᠨ ᠪᠣᠯᠭᠠᠵᠤ ᠪᠠᠢ᠌ᠬᠤ ᠣᠴᠢᠷ᠂ ᠭᠡᠪ ᠴᠢᠨᠠᠷ ᠤᠨ ᠰᠤᠷᠭᠠᠨ ᠭᠦᠮᠦᠵᠢᠯ ᠤᠨ ᠭᠡᠷᠡᠭ᠍ᠵᠢᠭᠦᠯᠦᠯᠳᠡ ᠪᠠ ᠴᠢᠩᠭ᠋ᠠᠳᠬᠠᠯᠳᠠ ᠳᠤ ᠭᠢᠴᠢᠶᠠᠯ ᠳᠦᠷᠤᠯ ᠤᠨ ᠰᠤᠷᠭᠠᠨ ᠭᠦᠮᠦᠵᠢᠯ ᠨᠢ ᠴᠢᠬᠤᠯᠠ ᠰᠠᠭᠤᠷᠢᠨ ᠭᠠᠵᠠᠷ ᠪᠦᠭᠡᠳ ᠠᠷᠭ᠎ᠠ ᠵᠠᠮ ᠪᠣᠯᠤᠨ᠎ᠠ᠃ ᠨᠠᠩ ᠢᠯᠠᠩᠭ᠋ᠤᠶ᠎ᠠ ᠰᠢᠡᠵᠢᠯᠡᠭᠦ ᠣᠬᠠᠭᠠᠨ ᠰᠤᠶᠤᠯ ᠰᠤᠷᠭᠠᠨ ᠭᠦᠮᠦᠵᠢᠯ ᠦᠣᠠᠳᠠᠷ ᠳᠦᠷᠭᠡᠨ ᠭᠦᠭ᠍ᠵᠢᠵᠤ ᠪᠠᠢ᠌ᠭ᠎ᠠ ᠦᠨᠦᠳᠤᠷ᠂ ᠭᠢᠴᠢᠶᠠᠯ ᠳᠦᠷᠤᠯ ᠤᠨ ᠰᠤᠷᠭᠠᠨ ᠭᠦᠮᠦᠵᠢᠯ ᠨᠢ ᠴᠠᠭ ᠦᠶ᠎ᠡ ᠶᠢᠨ ᠠᠯᠬᠤᠴᠠ ᠳᠤ ᠳᠤᠭᠢᠷᠠᠶ᠎ᠠ ᠭᠡᠪᠠᠯ ᠪᠠᠭᠰᠢ ᠪᠠᠷ ᠭᠤᠤᠯ ᠪᠣᠯᠭᠠᠭᠰᠠᠨ ᠳᠠᠩ ᠴᠤᠯᠭᠤᠢ ᠮᠡᠳᠡᠯᠭᠡ ᠶᠢᠨ ᠭᠦᠮᠦᠵᠢᠯ ᠢ ᠭᠦᠭᠡᠭᠡᠴᠡᠯᠳᠦᠭᠦ ᠭᠡᠪ ᠵᠠᠭᠪᠣᠷ ᠡᠴᠠ ᠮᠤᠯᠳᠤᠷᠠᠵᠤ᠂ ᠰᠤᠷᠤᠭᠴᠢᠳ ᠤᠨ ᠡᠭᠦᠳᠤᠨ ᠪᠦᠳᠦᠭᠡᠭᠦ ᠴᠢᠨᠠᠷ ᠢ ᠭᠦᠮᠦᠵᠢᠭᠦᠯᠭᠦ ᠪᠠᠷ ᠭᠤᠤᠯᠴᠢᠯᠠᠬᠤ ᠵᠢᠭᠠᠨ ᠰᠤᠷᠭᠠᠬᠤ ᠠᠷᠭ᠎ᠠ ᠶᠢ ᠰᠥᠪᠠᠭ᠍ᠴᠢᠯᠡᠨ ᠰᠢᠠᠵᠢᠯᠠᠪᠠᠯ ᠵᠤᠭᠢᠨ᠎ᠠ᠃ ᠹᠢᠽᠢᠺ ᠤᠨ ᠨᠤᠫᠧᠯ ᠤᠨ ᠱᠠᠩᠨᠠᠯ ᠭᠦᠷᠳᠡᠭ᠍ᠴᠢ ᠠᠯᠳᠠᠷᠳᠤ ᠡᠷᠳᠡᠮᠳᠡᠨ ᠶ‍ᠸᠯᠢᠱᠢᠲ᠋ᠧ ᠡᠴᠠ ᠄ 《ᠰᠢᠡᠵᠢᠯᠡᠭᠦ ᠣᠬᠠᠭᠠᠨ ᠤ ᠳᠠᠯ᠎ᠠ ᠪᠠᠷ ᠠᠮᠵᠢᠯᠳᠠ ᠣᠯᠤᠶ᠎ᠠ ᠭᠡᠪᠠᠯ ᠬᠠᠮᠤᠭ ᠤᠨ ᠴᠢᠬᠤᠯᠠ ᠨᠢ ᠪᠣᠰᠤᠳ ᠡᠴᠠ ᠦᠰᠤᠳ ᠣᠠᠳᠤ ᠰᠡᠳᠭᠢᠭᠦᠢ ᠶᠢᠨ ᠠᠷᠭ᠎ᠠ ᠪᠠᠷ ᠠᠰᠠᠭᠤᠳᠠᠯ ᠢ ᠪᠣᠳᠤᠯᠭᠢᠯᠠᠬᠤ ᠶᠢ ᠰᠤᠷᠬᠤ ᠪᠣᠯᠤᠨ᠎ᠠ᠃ ᠳᠠᠷᠤᠢ ᠵᠤᠭᠢᠬᠤ ᠭᠡᠮᠵᠢᠶᠡᠨ ᠤ ᠡᠭᠦᠳᠤᠨ ᠪᠦᠳᠦᠭᠡᠭᠦ ᠰᠡᠳᠭᠢᠭᠦᠢ ᠲᠡᠶ ᠪᠠᠢ᠌ᠬᠤ ᠶᠢ ᠭᠡᠯᠡᠨ᠎ᠡ》 ᠭᠡᠵᠡᠢ᠃ ᠵᠢᠶᠠᠩ ᠽᠧ ᠮᠢᠨ ᠳᠤᠮᠳᠠᠳᠤ ᠣᠯᠤᠰ ᠤᠨ ᠰᠢᠡᠵᠢᠯᠡᠭᠦ ᠣᠬᠠᠭᠠᠨ ᠤ ᠭᠦᠷᠢᠶᠡᠯᠡᠩ ᠤᠨ ᠳᠠᠷᠤᠭ᠎ᠠ ᠶᠢᠨ ᠬᠤᠷᠠᠯ ᠳᠤ᠄ 《ᠰᠢᠨ᠎ᠡ ᠶᠢ ᠡᠭᠦᠳᠭᠦ ᠪᠣᠯ ᠨᠢᠭᠡ ᠦᠨᠳᠦᠰᠦᠳᠠᠨ ᠤ ᠣᠷᠤᠭᠰᠢ ᠳᠠᠪᠰᠢᠬᠤ ᠶᠢᠨ ᠰᠥᠭ᠌ ᠰᠦᠯᠳᠡ ᠮᠦᠨ᠂ ᠣᠯᠤᠰ ᠦᠨᠳᠦᠰᠦᠳᠠᠨ ᠭᠦᠭ᠍ᠵᠢᠨ ᠪᠠᠳᠠᠷᠠᠬᠤ ᠶᠢᠨ ᠳᠠᠭᠤᠰᠤᠰᠢ ᠦᠭᠡᠶ ᠭᠦᠳᠡᠯᠭᠡᠭᠦ ᠭᠦᠴᠤᠨ ᠮᠦᠨ᠁ ᠰᠢᠨ᠎ᠡ ᠶᠢ ᠡᠭᠦᠳᠭᠦ ᠪᠠᠢ᠌ᠭᠤᠯᠤᠮᠵᠢ ᠶᠢᠨ ᠪᠦᠳᠦᠭᠡᠨ ᠪᠠᠢ᠌ᠭᠤᠯᠤᠳᠠ ᠶᠢ ᠴᠢᠩᠭ᠎ᠠ ᠠᠳᠬᠤᠵᠤ᠂ ᠰᠢᠡᠵᠢᠯᠡᠭᠦ ᠣᠬᠠᠭᠠᠨ ᠳᠸᠩᠨᠢᠭ᠌ ᠮᠡᠷᠭᠡᠵᠢᠯ ᠤᠨ ᠰᠢᠨ᠎ᠡ ᠶᠢ ᠡᠭᠦᠳᠭᠦ ᠪᠠ ᠰᠤᠶᠤᠯ ᠮᠡᠳᠡᠯᠭᠡ ᠶᠢᠨ ᠰᠢᠨ᠎ᠡ ᠶᠢ ᠡᠭᠦᠳᠭᠦ ᠶᠢ ᠶᠡᠭᠡ ᠪᠠᠷ ᠲᠦᠯᠭᠢᠨ ᠣᠷᠤᠭᠰᠢᠯᠠᠭᠤᠯᠬᠤ ᠭᠡᠷᠡᠭ᠍ᠳᠡᠢ》 ᠭᠡᠵᠡᠢ᠃ ᠡᠳᠡᠭᠡᠷ ᠡᠷᠳᠡᠮᠳᠡᠨ ᠪᠠ ᠠᠯᠳᠠᠷᠳᠤ ᠭᠦᠮᠦᠰ ᠤᠨ ᠭᠦᠨ ᠣᠬᠠᠭᠠᠯᠢᠭ ᠥᠭᠡ ᠡᠴᠠ ᠰᠤᠷᠤᠭᠴᠢᠳ ᠤᠨ ᠰᠢᠨ᠎ᠡ ᠶᠢ ᠡᠭᠦᠳᠭᠦ ᠴᠢᠳᠠᠪᠣᠷᠢ ᠶᠢ ᠭᠦᠮᠦᠵᠢᠭᠦᠯᠭᠦ ᠪᠣᠯ ᠣᠳᠤᠬᠠᠨ ᠤ ᠰᠤᠶᠤᠯ ᠰᠤᠷᠭᠠᠨ ᠭᠦᠮᠦᠵᠢᠯ ᠳᠤ ᠳᠤᠯᠭᠠᠷᠠᠵᠤ ᠪᠠᠢ᠌ᠭ᠎ᠠ ᠴᠠᠭ ᠦᠶ᠎ᠡ ᠶᠢᠨ ᠡᠭᠦᠷᠭᠡ ᠪᠣᠯᠤᠨ᠎ᠠ ᠭᠡᠳᠡᠭ᠌ ᠢ ᠦᠵᠡᠨ ᠭᠠᠷᠴᠤ ᠪᠣᠯᠤᠨ᠎ᠠ᠃ ᠭᠡᠭᠦ ᠳᠡᠭᠡᠨ ᠰᠤᠷᠤᠭᠴᠢᠳ ᠤᠨ ᠣᠷᠮ᠎ᠠ ᠪᠠᠬ᠎ᠠ ᠶᠢ ᠳᠠᠢ᠌ᠴᠢᠯᠠᠵᠤ ᠭᠦᠭ᠍ᠵᠢᠭᠦᠯᠭᠦ ᠪᠣᠯ ᠰᠤᠷᠤᠭᠴᠢᠳ ᠤᠨ ᠰᠢᠨ᠎ᠡ ᠶᠢ ᠡᠭᠦᠳᠭᠦ ᠰᠡᠳᠭᠢᠭᠦᠢ ᠶᠢ ᠭᠦᠮᠦᠵᠢᠭᠦᠯᠭᠦ ᠶᠢᠨ ᠠᠩᠬᠠᠨ ᠤ ᠠᠯᠬᠤᠮ ᠮᠦᠨ᠃ ᠶᠠᠮᠠᠷ ᠴᠢᠳᠠᠪᠣᠷᠢᠳᠠᠢ ᠪᠠᠭᠰᠢ ᠪᠠᠢ᠌ᠭᠰᠠᠨ ᠴᠤ᠂ ᠶᠠᠮᠠᠷ ᠰᠠᠢ᠌ᠨ ᠠᠷᠭ᠎ᠠ ᠶᠢ ᠭᠡᠷᠡᠭᠯᠡᠭ᠍ᠰᠡᠨ ᠴᠤ ᠰᠤᠷᠤᠭᠴᠢᠳ ᠤᠨ ᠣᠷᠮ᠎ᠠ ᠪᠠᠬ᠎ᠠ ᠶᠢ ᠭᠦᠳᠡᠯᠭᠡᠨ ᠰᠡᠳᠭᠢᠭᠦᠢ ᠶᠢ ᠵᠠᠳᠠᠷᠠᠭᠤᠯᠵᠤ ᠳᠡᠢ᠌ᠯᠭᠦ ᠦᠭᠡᠶ ᠶᠤᠮ ᠪᠣᠯ 《ᠣᠰᠤ ᠤᠤᠭᠤᠬᠤ ᠳᠤᠷ᠎ᠠ ᠦᠭᠡᠶ ᠥᠭᠡᠷ ᠤᠨ ᠳᠤᠯᠤᠭᠠᠢ ᠶᠢ ᠳᠠᠷᠤᠭᠰᠠᠨ》 ᠣᠴᠢᠷ ᠪᠣᠯᠤᠨ᠎ᠠ᠃ ᠡᠢ᠌ᠮᠤ ᠡᠴᠠ ᠵᠢᠭᠠᠨ ᠰᠤᠷᠭᠠᠬᠤ ᠥᠢᠯᠡᠳᠦᠯᠭᠡ ᠳᠤᠮᠳᠠ ᠪᠠᠭᠰᠢ ᠪᠣᠯᠤᠭᠰᠠᠤᠨ ᠵᠢᠭᠠᠨ ᠰᠤᠷᠭᠠᠬᠤ ᠬᠠᠭᠤᠴᠢᠨ ᠭᠡᠪ ᠵᠠᠭᠪᠣᠷ ᠡᠴᠠ ᠪᠠᠨ ᠰᠠᠯᠵᠤ᠂ ᠡᠭᠦᠳᠤᠨ ᠪᠦᠳᠦᠭᠡᠯᠳᠤ ᠵᠢᠭᠠᠨ ᠰᠤᠷᠭᠠᠬᠤ ᠠᠮᠢᠳᠤᠯᠢᠭ ᠠᠷᠭ᠎ᠠ ᠶᠢ ᠭᠡᠷᠡᠭᠯᠡᠨ᠂ ᠪᠠᠭᠰᠢ ᠶᠢᠨ ᠭᠡᠪ ᠳᠦᠷᠢᠮᠵᠢᠭ᠍ᠰᠡᠨ ᠰᠡᠳᠭᠢᠭᠦᠢ ᠵᠠᠮ ᠡᠴᠠ ᠰᠤᠷᠤᠭᠴᠢᠳ ᠢ ᠰᠠᠯᠭᠠᠵᠤ᠂ ᠰᠤᠷᠤᠭᠴᠢᠳ ᠲᠤ ᠠᠰᠠᠭᠤᠳᠠᠯ ᠢ ᠪᠣᠳᠤᠯᠭᠢᠯᠠᠨ ᠠᠰᠠᠭᠤᠳᠠᠯ ᠢ ᠰᠢ᠌ᠳᠪᠦᠷᠢᠯᠡᠭᠦ ᠠᠷᠭ᠎ᠠ ᠶᠢ ᠣᠯᠬᠤ ᠣᠷᠤᠨ ᠵᠠᠢ ᠶᠢ ᠥᠯᠡᠳᠡᠭᠡᠨ ᠥᠭ᠍ᠴᠤ᠂ ᠳᠠᠳᠠᠨᠤᠰ ᠢ ᠪᠠᠭᠰᠢ ᠪᠠ ᠬᠠᠮᠳᠤ ᠰᠤᠷᠤᠭᠴᠢᠳ ᠡᠴᠠ ᠪᠠᠨ ᠦᠰᠤᠳ ᠣᠠᠳᠤᠤ ᠰᠡᠳᠭᠢᠭᠦ ᠵᠠᠮ ᠶᠢᠡᠷ ᠣᠴᠢᠵᠤ ᠠᠰᠠᠭᠤᠳᠠᠯ ᠳᠤ ᠰᠤᠳᠤᠯᠤᠯᠳᠠ ᠭᠢᠯᠭᠡᠨ᠂ ᠰᠤᠷᠤᠭᠴᠢᠳ ᠤᠨ ᠣᠷᠮ᠎ᠠ ᠪᠠᠬ᠎ᠠ ᠶᠢ ᠭᠦᠳᠡᠯᠭᠡᠮᠡᠡᠵᠢᠨ ᠰᠠ‍‌ᠶᠢ ᠰᠤᠷᠤᠭᠴᠢᠳ ᠤᠨ ᠰᠡᠳᠭᠢᠭᠦᠢ ᠶᠢ ᠮᠡᠳᠡᠯᠭᠡ ᠶᠢᠨ ᠭᠦᠷᠦᠰᠤᠨ ᠳᠤ ᠴᠢᠯᠦᠭᠡᠳᠡᠢ ᠵᠠᠳᠠᠷᠠᠭᠤᠯᠵᠤ ᠰᠢᠨ᠎ᠡ ᠶᠢ ᠡᠭᠦᠳᠭᠦ ᠰᠡᠳᠭᠢᠭᠦᠢ ᠶᠢ ᠨᠢ ᠭᠦᠮᠦᠵᠢᠭᠦᠯᠵᠤ ᠴᠢᠳᠠᠨ᠎ᠠ᠃ ᠵᠠᠷᠢᠮ ᠦᠶᠡᠰ ᠲᠤ ᠰᠤᠷᠤᠭᠴᠢᠳ ᠤᠨ ᠦᠪᠡᠷᠮᠢᠴᠠ ᠣᠠᠴᠠ ᠰᠡᠳᠭᠢᠭᠦ ᠠᠷᠭ᠎ᠠ ᠪᠠᠷ ᠠᠰᠠᠭᠤᠳᠠᠯ ᠳᠤ ᠰᠢᠠᠵᠢᠯᠠᠯᠳᠠ ᠭᠢᠭᠡᠳ ᠪᠦᠷᠢᠨ ᠪᠣᠰᠤ ᠳᠦᠭᠦᠭᠡᠢ ᠪᠣᠯᠴᠢᠷᠬᠠᠢ ᠡᠰᠡᠭᠦᠯ᠎ᠡ ᠪᠣᠷᠤᠭᠤ ᠮᠠᠭᠠᠳᠯᠠᠯᠳᠠ ᠭᠠᠷᠭᠠᠭᠰᠠᠨ ᠴᠤ ᠶᠠᠭᠠᠭᠢᠪ᠂ ᠵᠥᠪᠭᠡᠨ ᠪᠣᠰᠤᠳ ᠡᠴᠠ ᠣᠠᠳᠤᠤ ᠰᠡᠳᠭᠢᠭᠦ ᠵᠠᠮ ᠶᠢᠡᠷ ᠠᠰᠠᠭᠤᠳᠠᠯ ᠳᠤ ᠰᠤᠳᠤᠯᠤᠯᠳᠠ ᠭᠢᠭᠡᠳ ᠭᠦᠮᠤᠨ ᠡᠴᠠ ᠣᠠᠴᠠ ᠰᠤᠨᠢᠨ ᠭᠠᠢ᠌ᠬᠠᠯᠳᠠᠢ ᠦᠵᠡᠯᠳᠠ ᠪᠠᠨ ᠵᠤᠷᠢᠭᠳᠠᠢ ᠪᠠᠷ ᠭᠡᠯᠡᠵᠤ ᠭᠠᠷᠭᠠᠭᠰᠠᠨ ᠪᠣᠯ ᠪᠠᠭᠰᠢ ᠪᠣᠯᠤᠭᠰᠠᠤᠨ ᠡᠨᠡᠭᠦ ᠰᠢᠨ᠎ᠡ ᠭᠠᠢ᠌ᠬᠠᠯᠳᠠᠢ ᠳᠤᠷᠠᠳᠤᠯᠭ᠎ᠠ ᠳᠤ ᠵᠦᠪ ᠢᠳᠠᠪᠭᠢᠳᠠᠢ ᠣᠪᠣᠷ ᠶᠢᠡᠷ ᠬᠠᠠᠳᠤᠨ ᠳᠡᠭᠦᠨ ᠤ ᠣᠠᠴᠠ ᠰᠤᠨᠢᠨ ᠭᠠᠢ᠌ᠬᠠᠯᠳᠠᠢ ᠭᠠᠵᠠᠷ ᠢ ᠨᠢ ᠬᠠᠮᠳᠤ ᠪᠠᠷ ᠵᠠᠳᠠᠯᠤᠨ ᠰᠤᠨᠢᠷᠬᠠᠵᠤ᠂ ᠰᠤᠷᠤᠭᠴᠢᠳ ᠤᠨ ᠰᠤᠨᠢᠷᠬᠠᠬᠤ ᠰᠡᠳᠭᠢᠯ ᠪᠠ ᠮᠡᠳᠡᠯᠭᠡ ᠭᠦᠭᠡᠭᠡᠴᠡᠯᠳᠦᠭᠦ ᠭᠦᠰᠡᠯ ᠢ ᠭᠦᠮᠦᠵᠢᠭᠦᠯᠵᠤ ᠵᠤᠷᠢᠭᠵᠢᠭᠤᠯᠤᠨ᠂ ᠰᠡᠳᠭᠢᠭᠦᠢ ᠶᠢᠨ ᠢᠳᠠᠪᠭᠢᠵᠢᠯ ᠢ ᠨᠢ ᠳᠠᠢ᠌ᠴᠢᠯᠠᠪᠠᠯ ᠵᠤᠭᠢᠨ᠎ᠠ᠃ ᠨᠠᠩ ᠴᠢᠬᠤᠯᠠ ᠨᠢ ᠰᠤᠷᠤᠭᠴᠢᠳ ᠲᠤ ᠪᠠᠭᠰᠢ ᠪᠠ ᠬᠠᠮᠳᠤ ᠰᠤᠷᠤᠭᠴᠢᠳ ᠡᠴᠠ ᠪᠠᠨ ᠦᠰᠤᠳ ᠣᠠᠳᠤᠤ ᠰᠡᠳᠭᠢᠭᠦ ᠵᠠᠮ ᠶᠢᠡᠷ ᠠᠰᠠᠭᠤᠳᠠᠯ ᠢ ᠰᠤᠳᠤᠯᠬᠤ ᠣᠬᠠᠭᠠᠨ ᠰᠠᠨᠠᠭ᠎ᠠ ᠠᠷᠭ᠎ᠠ ᠳᠠᠮ ᠢ ᠵᠢᠭᠠᠬᠤ ᠠᠰᠠᠭᠤᠳᠠᠯ ᠪᠣᠯᠤᠨ᠎ᠠ᠃ ᠡᠨᠡ ᠪᠣᠯ ᠰᠤᠷᠤᠭᠴᠢᠳ ᠤᠨ ᠡᠭᠦᠳᠤᠨ ᠪᠦᠳᠦᠭᠡᠭᠦ ᠴᠢᠳᠠᠪᠣᠷᠢ ᠵᠢᠴᠢ ᠰᠢᠨ᠎ᠡ ᠶᠢ ᠡᠭᠦᠳᠭᠦ ᠰᠡᠳᠭᠢᠭᠦᠢ ᠶᠢ ᠭᠦᠮᠦᠵᠢᠭᠦᠯᠭᠦ ᠠᠰᠠᠭᠤᠳᠠᠯ ᠪᠣᠯᠤᠨ᠎ᠠ᠃

ᠰᠢᠨ᠎ᠡ ᠶᠢ ᠡᠭᠦᠳᠭᠦ ᠭᠡᠳᠡᠭ᠌ ᠥᠭᠡ ᠦᠨᠡᠨᠳᠡᠭᠡᠨ ᠭᠦᠮᠤᠨ ᠳᠦᠷᠤᠯᠭᠢᠳᠠᠨ ᠳᠤ ᠭᠡᠷᠡᠭᠯᠡᠭ᠍ᠳᠡᠭᠡᠳ ᠣᠳᠠᠭᠠᠨ ᠣᠨ ᠤ ᠳᠡᠦᠭᠡ ᠲᠡᠶ ᠪᠣᠯᠵᠤ ᠪᠠᠢ᠌ᠨ᠎ᠠ᠃ ᠳᠤᠰ ᠥᠭᠡ ᠨᠢ ᠯᠠᠲ᠋ᠢᠨ ᠥᠭᠡᠨ ᠤ ᠢᠷᠠᠯ ᠲᠡᠶ᠃ ᠣᠭ ᠰᠠᠨᠠᠭ᠎ᠠ ᠨᠢ ᠭᠤᠷᠪᠠᠨ ᠳᠠᠪᠬᠤᠷ ᠤᠳᠬ᠎ᠠ ᠲᠡᠶ᠃ ᠨᠢᠭᠡ ᠳᠤ᠂ ᠰᠢᠨᠡᠳᠭᠡᠭᠦ ᠭᠡᠰᠡᠨ ᠤᠳᠬ᠎ᠠ ᠲᠡᠶ᠂ ᠬᠤᠶᠠᠷ ᠲᠤ᠂ ᠰᠢᠨ᠎ᠡ ᠶᠠᠭᠤᠮ᠎ᠠ ᠶᠢ ᠪᠦᠳᠦᠭᠡᠭᠦ ᠭᠡᠰᠡᠨ ᠤᠳᠬ᠎ᠠ ᠲᠡᠶ᠃ ᠭᠤᠷᠪᠠ ᠳᠤ᠂ ᠥᠭᠡᠷᠡᠴᠢᠯᠡᠭᠦ ᠭᠡᠰᠡᠨ ᠤᠳᠬ᠎ᠠ ᠲᠡᠶ᠃ ᠮᠠᠨ ᠤ ᠣᠯᠤᠰ ᠤᠨ ᠵᠠᠷᠢᠮ ᠰᠤᠳᠤᠯᠭᠠᠳᠠᠨ ᠤ ᠥᠵᠡᠭᠦ ᠪᠠᠷ ᠡᠭᠦᠳᠤᠨ ᠪᠦᠳᠦᠭᠡᠭᠦ ᠪᠣᠯ ᠣᠷᠢᠳ ᠡᠮᠤᠨ᠎ᠡ ᠪᠠᠢ᠌ᠭ᠎ᠠ ᠦᠭᠡᠶ ᠶᠠᠭᠤᠮ᠎ᠠ ᠶᠢ ᠪᠦᠳᠦᠭᠡᠭᠦ ᠶᠢ ᠵᠢᠭᠠᠳᠠᠭ᠃ ᠡᠭᠦᠨ ᠤ ᠳᠤᠳᠤᠷᠠᠭᠢ ᠶᠠᠭᠤᠮ᠎ᠠ ᠭᠡᠳᠡᠭ᠌ ᠨᠢ ᠳᠡᠯᠭᠡᠷᠡᠩᠭᠦᠢ ᠤᠳᠬ᠎ᠠ ᠶᠢᠨ ᠡᠭᠦᠳᠤᠨ ᠡᠴᠠ ᠶᠠᠷᠢᠭᠰᠠᠨ ᠶᠤᠮ᠃ ᠪᠣᠳᠠᠳᠤ ᠪᠣᠳᠠᠰ ᠢ ᠵᠢᠭᠠᠬᠤ ᠪᠠᠷ ᠪᠠᠷᠠᠬᠤ ᠦᠭᠡᠶ ᠭᠡᠢ᠌ᠰᠪᠦᠷᠢ ᠪᠣᠳᠠᠰ ᠢ ᠴᠤ ᠵᠢᠭᠠᠳᠠᠭ᠂ ᠪᠣᠳᠠᠰ ᠤᠨ ᠪᠦᠳᠦᠭ᠍ᠳᠡᠭᠦᠨ ᠢ ᠵᠢᠭᠠᠬᠤ ᠪᠠᠷ ᠪᠠᠷᠠᠬᠤ ᠦᠭᠡᠶ ᠣᠶᠤᠨ ᠤ ᠪᠦᠳᠦᠭ᠍ᠳᠡᠭᠦᠨ ᠢ ᠴᠤ ᠵᠢᠭᠠᠳᠠᠭ᠃ ᠨᠢᠭᠡ ᠭᠡᠰᠡᠭ᠌ ᠭᠦᠮᠦᠰ ᠪᠠᠰᠠ ᠡᠭᠦᠳᠤᠨ ᠪᠦᠳᠦᠭᠡᠭᠦ ᠪᠣᠯ ᠣᠷᠢᠳᠠᠭᠢ ᠭᠦᠮᠤᠨ ᠤ ᠪᠣᠳᠤᠵᠤ ᠥᠵᠡᠭ᠍ᠰᠡᠨ ᠦᠭᠡᠶ᠂ ᠭᠢᠵᠤ ᠥᠩᠭᠡᠷᠡᠭ᠍ᠰᠡᠨ ᠦᠭᠡᠶ ᠶᠠᠭᠤᠮ᠎ᠠ ᠶᠢ ᠭᠡᠨ ᠭᠡᠷᠪᠡ ᠪᠣᠳᠤᠵᠤ ᠣᠯᠪᠠᠯ᠂ ᠭᠡᠨ ᠭᠡᠷᠪᠡ ᠭᠢᠵᠤ ᠭᠠᠷᠭᠠᠪᠠᠯ᠂ ᠭᠡᠨ ᠳᠠᠷᠤᠢ ᠡᠭᠦᠳᠤᠨ ᠪᠦᠳᠦᠭᠡᠭ᠍ᠰᠡᠨ ᠳᠤ ᠳᠤᠭᠠᠴᠠᠭᠳᠠᠨ᠎ᠠ ᠭᠡᠵᠤ ᠨᠠᠩ ᠰᠢᠭᠤᠳ ᠰᠢᠯᠤᠭᠤᠨ ᠶᠢᠡᠷ ᠣᠢ᠌ᠯᠭᠠᠳᠠᠭ ᠪᠠᠢ᠌ᠨ᠎ᠠ᠃ ᠡᠳᠡᠭᠡᠷ ᠦᠵᠡᠯᠳᠠ ᠨᠤᠭᠤᠳ ᠪᠣᠯ ᠡᠭᠦᠳᠤᠨ ᠪᠦᠳᠦᠭᠡᠭᠦ ᠶᠢᠨ ᠰᠢᠨ᠎ᠡ ᠰᠤᠷᠭᠤᠭ ᠪᠠ ᠦᠪᠡᠷᠮᠢᠴᠠ ᠣᠠᠴᠠ ᠣᠠᠴᠠᠯᠢᠭ ᠢ ᠯᠠ ᠴᠢᠬᠤᠯᠠᠴᠢᠯᠠᠬᠤ ᠡᠭᠦᠳᠡᠨ ᠡᠴᠠ ᠳᠤᠷᠠᠳᠤᠭᠰᠠᠨ ᠦᠵᠡᠯᠳᠠ ᠪᠣᠯᠤᠨ᠎ᠠ᠃ ᠡᠨᠡ ᠨᠢ ᠢᠯᠡᠷᠭᠡᠢ ᠡᠭᠦᠳᠤᠨ ᠪᠦᠳᠦᠭᠡᠭᠦ ᠶᠢᠨ ᠠᠴᠢ ᠳᠤᠰᠠ ᠦᠨ᠎ᠡ ᠦᠷᠳᠡᠭ᠌ ᠢ ᠣᠮᠳᠤᠭᠠᠢ᠌ᠯᠠᠭᠰᠠᠨ ᠪᠠᠢ᠌ᠨ᠎ᠠ᠃ ᠭᠦᠮᠤᠨ ᠡᠴᠠ ᠣᠠᠴᠠ ᠦᠪᠡᠷᠮᠢᠴᠠ ᠶᠢ ᠯᠠ ᠴᠢᠬᠤᠯᠠᠴᠢᠯᠠᠬᠤ ᠡᠴᠠ ᠪᠣᠯᠤᠭᠰᠠᠨ ᠯᠤᠭᠢᠭ ᠳᠤ ᠦᠯᠦ ᠨᠡᠢ᠌ᠴᠡᠭᠦ ᠬᠠᠮᠢᠶ᠎ᠠ ᠨᠠᠮᠢᠶ᠎ᠠ ᠦᠭᠡᠶ ᠬᠠᠴᠢᠨ ᠪᠣᠳᠤᠯ ᠢ ᠡᠭᠦᠳᠤᠨ ᠪᠦᠳᠦᠭᠡᠯᠳᠡ ᠭᠡᠵᠤ ᠪᠣᠯᠬᠤ ᠦᠭᠡᠶ᠃ ᠡᠭᠦᠳᠤᠨ ᠪᠦᠳᠦᠭᠡᠭᠦ ᠪᠣᠯ ᠵᠤᠭᠢᠬᠤ ᠬᠠᠷᠠᠯᠳᠠ ᠵᠤᠷᠢᠯᠭ᠎ᠠ ᠪᠠ ᠡᠭᠦᠷᠭᠡ ᠪᠠᠨ ᠦᠨᠳᠦᠰᠦᠯᠠᠵᠤ ᠨᠢᠭᠡᠨᠲᠡ ᠮᠡᠳᠡᠭ᠍ᠰᠡᠨ ᠮᠡᠳᠡᠯᠭᠡ ᠪᠠ ᠰᠤᠷᠠᠭ ᠵᠠᠩᠭᠢ ᠪᠠᠨ ᠠᠰᠢᠭᠯᠠᠨ ᠰᠡᠳᠭᠢᠭᠦᠢ ᠶᠢᠨ ᠭᠦᠳᠡᠯᠭᠡᠭᠡᠨ ᠳᠤ ᠣᠷᠤᠯᠴᠠᠭᠠᠤᠨ ᠠᠭᠢᠨ ᠳᠠᠭᠢᠨ ᠰᠤᠳᠤᠯᠵᠤ ᠣᠯᠤᠭᠰᠠᠨ ᠨᠡᠢ᠌ᠭᠡᠮ ᠪᠣᠶᠤ ᠬᠤᠪᠢ ᠭᠦᠮᠤᠨ ᠳᠤ ᠠᠰᠢᠭᠳᠠᠢ ᠰᠢᠨ᠎ᠡ ᠰᠤᠷᠭᠤᠭ ᠪᠠ ᠦᠪᠡᠷᠮᠢᠴᠠ ᠣᠠᠴᠠ ᠶᠠᠭᠤᠮ᠎ᠠ ᠶᠢ ᠭᠡᠯᠡᠨ᠎ᠡ᠃ ᠵᠢᠭᠠᠨ ᠰᠤᠷᠭᠠᠬᠤ ᠳᠠᠯ᠎ᠠ ᠡᠴᠠ ᠠᠪᠴᠤ ᠭᠡᠯᠡᠪᠠᠯ᠂ ᠰᠢᠨ᠎ᠡ ᠶᠢ ᠡᠭᠦᠳᠭᠦ ᠪᠣᠯ ᠪᠠᠭᠰᠢ ᠡᠴᠠ ᠰᠤᠷᠭᠠᠬᠤ ᠠᠭᠤᠯᠭ᠎ᠠ ᠶᠢᠨ ᠳᠤᠭᠤᠷᠢᠨ ᠳᠤ ᠬᠠᠷᠠᠯᠳᠠ ᠲᠡᠶ ᠵᠤᠷᠢᠯᠭ᠎ᠠ ᠲᠡᠶ ᠪᠠᠷ ᠰᠤᠷᠤᠭᠴᠢᠳ ᠤᠨ ᠰᠢᠨ᠎ᠡ ᠶᠢ ᠡᠭᠦᠳᠭᠦ ᠰᠡᠳᠭᠢᠭᠦᠢ ᠶᠢ ᠨᠢ ᠣᠷᠠᠮᠰᠢᠭᠤᠯᠭᠣᠢ᠌ᠴᠠ ᠰᠠᠳᠭᠢᠴᠠ ᠶᠢᠨ ᠣᠷᠴᠢᠨ ᠢ ᠪᠦᠷᠢᠯᠳᠦᠭᠦᠯᠤᠨ ᠥᠭ᠍ᠴᠤ᠂ ᠰᠤᠷᠤᠭᠴᠢᠳ ᠢ ᠣᠷᠢᠳᠴᠢᠯᠠᠨ ᠳᠤᠭᠳᠠᠭᠰᠠᠨ ᠰᠢᠨ᠎ᠡ ᠶᠢ ᠡᠭᠦᠳᠭᠦ ᠬᠠᠷᠯᠠᠳᠠ ᠶᠢᠨ ᠳᠤᠭᠤᠷᠢᠨ ᠳᠤ ᠣᠳᠤᠷᠢᠳᠤᠨ ᠪᠣᠰᠤᠳ ᠭᠦᠮᠤᠨ ᠲᠡᠶ ᠠᠳᠠᠯᠢ ᠪᠣᠰᠤ ᠰᠡᠳᠭᠢᠭᠦ ᠵᠠᠮ ᠶᠢᠡᠷ ᠰᠢᠨ᠎ᠡ ᠶᠢ ᠰᠡᠳᠭᠢᠭᠦᠯᠭᠦ᠂ ᠪᠣᠰᠤᠳ ᠭᠦᠮᠤᠨ ᠤ ᠭᠢᠵᠤ ᠥᠩᠭᠡᠷᠡᠭ᠍ᠰᠡᠨ ᠦᠭᠡᠶ ᠶᠠᠭᠤᠮ᠎ᠠ ᠶᠢ ᠭᠢᠯᠭᠡᠭᠦ᠂ ᠪᠣᠰᠤᠳ ᠭᠦᠮᠤᠨ ᠤ ᠪᠣᠳᠤᠭᠰᠠᠨ ᠦᠭᠡᠶ ᠶᠠᠭᠤᠮ᠎ᠠ ᠶᠢ ᠪᠣᠳᠤᠭᠤᠯᠵᠤ ᠣᠯᠤᠭᠤᠯᠬᠤ᠂ ᠬᠠᠭᠤᠴᠢᠨ ᠳᠤᠷᠰᠢᠯᠭ᠎ᠠ ᠶᠢᠨ ᠰᠠᠭᠤᠷᠢᠨ ᠳᠡᠭᠡᠷ᠎ᠡ ᠬᠠᠭᠤᠴᠢᠨ ᠢ ᠰᠢᠨᠡᠳᠭᠡᠭᠦ ᠪᠣᠶᠤ ᠥᠭᠡᠷᠡᠴᠢᠯᠡᠭᠦ᠂ ᠡᠰᠡᠪᠠᠯ ᠴᠢᠨᠠᠭᠰᠢᠳᠠ ᠭᠦᠭ᠍ᠵᠢᠭᠦᠯᠭᠦ᠂ ᠣᠷᠤᠯᠳᠤᠯᠭ᠎ᠠ ᠳᠤᠮᠳᠠ ᠡᠴᠠ ᠰᠢᠨ᠎ᠡ ᠶᠢ ᠢᠯᠡᠷᠡᠭᠦᠯᠭᠦ ᠭᠡᠭᠦ ᠮᠠᠳᠤ ᠪᠠᠷ ᠣᠢ᠌ᠯᠭᠠᠵᠤ ᠪᠣᠯᠤᠨ᠎ᠠ᠃ ᠰᠢᠨ᠎ᠡ ᠶᠢ ᠡᠭᠦᠳᠭᠦ ᠰᠡᠳᠭᠢᠭᠦᠢ ᠶᠢᠨ ᠰᠢ᠌ᠤᠠᠪᠣᠷᠢᠯᠠᠵᠤ ᠪᠠᠢ᠌ᠭ᠎ᠠ ᠠᠰᠠᠭᠤᠳᠠᠯ ᠪᠣᠯ ᠣᠷᠢᠳᠠᠭᠢ ᠭᠦᠮᠤᠨ ᠤ ᠰᠢ᠌ᠤᠠᠪᠣᠷᠢᠯᠠᠵᠤ ᠥᠩᠭᠡᠷᠡᠭ᠍ᠰᠡᠨ ᠦᠭᠡᠶ ᠰᠢᠨ᠎ᠡ ᠠᠰᠠᠭᠤᠳᠠᠯ ᠪᠣᠯᠤᠨ᠎ᠠ᠃ ᠶᠠᠭ ᠡᠢ᠌ᠮᠤ ᠣᠴᠢᠷ ᠡᠴᠠ ᠳᠠᠷᠠ ᠨᠢ ᠡᠭᠦᠳᠤᠨ ᠨᠡᠭᠡᠭᠡᠯᠳᠤ ᠴᠢᠨᠠᠷ ᠪᠠ ᠰᠢᠨ᠎ᠡ ᠰᠤᠷᠭᠤᠭ ᠴᠢᠨᠠᠷ ᠲᠡᠶ᠃ ᠳᠡᠭᠦᠨ ᠳᠤ ᠭᠡᠯᠡᠯᠭᠡᠨ ᠦᠭᠡᠶ ᠪᠠᠯᠠᠨ ᠳᠤᠳᠤᠷᠬᠠᠢ ᠬᠠᠷᠢᠭᠤᠯᠳᠠ ᠭᠡᠵᠤ ᠪᠠᠢ᠌ᠬᠤ ᠦᠭᠡᠶ᠂ ᠵᠤᠭᠢᠬᠤ ᠵᠢᠷᠤᠮ ᠢ ᠵᠢᠷᠤᠮᠯᠠᠵᠤ ᠡᠯ᠎ᠡ ᠳᠠᠯ᠎ᠠ ᠡᠯ᠎ᠡ ᠥᠡᠴᠦᠭ᠌ ᠪᠣᠯᠤᠩ ᠭᠡᠰᠡᠨ ᠦᠭᠡᠶ ᠬᠤᠯᠪᠤᠨ ᠪᠣᠳᠤᠯᠳᠠ ᠭᠢᠵᠤ ᠬᠠᠢ᠌ᠨ ᠰᠥᠪᠠᠭ᠍ᠴᠢᠯᠡᠭᠦ ᠪᠠᠷ ᠳᠠᠮᠵᠢᠨ ᠰᠢᠨ᠎ᠡ ᠶᠢ ᠢᠯᠡᠷᠡᠭᠦᠯᠭᠦ ᠶᠠᠪᠣᠴᠠ ᠪᠣᠯᠤᠨ᠎ᠠ᠃ ᠡᠨᠡᠭᠦ ᠶᠠᠪᠣᠴᠠ ᠳᠤ ᠭᠦᠮᠦᠰ ᠵᠤᠭᠢᠬᠤ ᠠᠰᠠᠭᠤᠳᠠᠯ ᠤᠨ ᠣᠷᠮᠠᠰᠢᠭᠤᠯᠤᠯ ᠳᠤᠤᠷ᠎ᠠ ᠶᠡᠭᠡ ᠳᠠᠷᠢᠭᠢᠨ ᠳᠤ ᠬᠠᠳᠠᠭᠠᠯᠠᠭᠳᠠᠵᠤ ᠪᠠᠢ᠌ᠭ᠎ᠠ ᠭᠠᠳᠠᠭᠠᠳᠤ ᠶ‍ᠢᠷᠳᠢᠠᠴᠤ ᠡᠴᠠ ᠣᠯᠤᠭᠰᠠᠨ ᠮᠡᠳᠡᠯᠭᠡ ᠪᠠ ᠰᠤᠷᠠᠭ ᠵᠠᠩᠭᠢ ᠳᠤ ᠰᠢᠯᠢᠯᠳᠠ ᠰᠤᠩᠭ᠋ᠤᠯᠳᠠ ᠭᠢᠵᠤ᠂ ᠳᠠᠭᠢᠨ ᠡᠳᠡᠭᠡᠷ ᠮᠡᠳᠡᠯᠭᠡ ᠪᠠ ᠰᠤᠷᠠᠭ ᠵᠠᠩᠭᠢ ᠪᠠᠨ ᠠᠳᠠᠯᠢ ᠪᠣᠰᠤ ᠭᠡᠯᠪᠠᠷᠢ ᠪᠣᠶᠤ ᠠᠳᠠᠯᠢ ᠪᠣᠰᠤ ᠠᠷᠭ᠎ᠠ ᠪᠠᠷ ᠡᠮᠭᠢᠯᠡᠵᠤ ᠬᠤᠯᠪᠤᠨ᠂ ᠡᠴᠦᠰ ᠲᠡᠭᠡᠨ ᠠᠰᠠᠭᠤᠳᠠᠯ ᠢ ᠰᠢ᠌ᠳᠪᠦᠷᠢᠯᠡᠭᠦ ᠬᠠᠮᠤᠭ ᠰᠢᠯᠢᠳᠡᠭ᠌ ᠲᠦᠰᠤᠪ ᠢ ᠰᠢᠯᠢᠨ ᠳᠤᠷᠠᠳᠬᠤ ᠪᠣᠯᠤᠨ᠎ᠠ᠃ ᠡᠨᠡ ᠪᠣᠯ ᠰᠢᠨ᠎ᠡ ᠶᠢ ᠡᠭᠦᠳᠭᠦ ᠶᠠᠪᠣᠴᠠ ᠪᠣᠯᠤᠨ᠎ᠠ᠃ ᠡᠨᠡ ᠶᠠᠪᠣᠴᠠ ᠳᠤ ᠰᠡᠳᠭᠢᠭᠦᠢ ᠶᠢ ᠠᠰᠠᠭᠤᠳᠠᠯ ᠤᠨ ᠡᠯ᠎ᠡ ᠳᠠᠯ᠎ᠠ ᠡᠯ᠎ᠡ ᠥᠡᠴᠦᠭ᠌ ᠪᠣᠯᠤᠩ ᠭᠡᠰᠡᠨ ᠦᠭᠡᠶ ᠬᠤᠯᠪᠤᠨ ᠪᠣᠳᠤᠯᠳᠠ ᠭᠢᠵᠤ ᠬᠠᠢ᠌ᠨ ᠰᠥᠪᠠᠭ᠍ᠴᠢᠯᠡᠭᠦ ᠪᠣᠯ ᠵᠠᠩᠭᠢᠯᠭ᠎ᠠ ᠶᠢᠨ ᠶᠠᠪᠣᠳᠠᠯ ᠪᠣᠯᠤᠨ᠎ᠠ᠃ ᠭᠦᠮᠤᠨ ᠤ ᠳᠠᠷᠢᠭᠢ ᠢᠩᠭᠢᠵᠤ ᠰᠠᠳᠭᠢᠨ ᠪᠣᠳᠤᠯᠭᠢᠯᠠᠬᠤ ᠭᠦᠳᠡᠯᠭᠡᠭᠡᠨ ᠭᠢᠭᠦ ᠦᠶᠡᠰ ᠲᠤ ᠶᠠᠷᠤ ᠡᠴᠠ ᠥᠩᠭᠡᠷᠡᠭ᠍ᠰᠡᠨ ᠤ ᠠᠮᠢᠳᠤᠷᠠᠯ ᠤᠨ ᠳᠤᠷᠰᠢᠯᠭ᠎ᠠ ᠪᠠ ᠨᠢᠭᠡᠨᠲᠡ ᠳᠠᠳᠤᠭᠰᠠᠨ ᠰᠡᠳᠭᠢᠭᠦ ᠠᠷᠭ᠎ᠠ ᠶᠢᠨ ᠨᠥᠯᠦᠭᠡ ᠶᠢ ᠭᠦᠷᠳᠡᠳᠡᠭ᠌᠃ ᠭᠡᠭᠦ ᠳᠡᠭᠡᠨ ᠵᠠᠷᠢᠮ ᠵᠣᠢ᠌ᠯ ᠤᠨ ᠰᠡᠳᠭᠢᠭᠦ ᠠᠷᠭ᠎ᠠ ᠶᠢ ᠦᠷᠭᠦᠯᠵᠢ ᠭᠡᠷᠡᠭᠯᠡᠳᠡᠭ᠌ ᠡᠴᠠ ᠠᠯᠭᠤᠷ ᠠᠭᠠᠵᠢᠮ ᠳᠠᠭᠠᠨ ᠨᠢᠭᠡᠨ ᠳᠤᠭᠳᠠᠭᠰᠠᠨ ᠰᠡᠳᠭᠢᠭᠦᠢ ᠶᠢᠨ ᠵᠢᠮ᠎ᠠ ᠪᠣᠯᠵᠤ ᠪᠦᠷᠢᠯᠳᠦᠭᠡᠳ ᠰᠡᠳᠭᠢᠭᠦᠢ ᠭᠡᠯᠪᠠᠷᠵᠢᠨ ᠳᠤᠭᠳᠠᠪᠣᠷᠢᠵᠢᠳᠠᠭ᠃ ᠢᠩᠭᠢᠭᠡᠳ ᠭᠦᠮᠦᠰ ᠡᠨᠡᠭᠦ ᠰᠡᠳᠭᠢᠭᠦ ᠠᠷᠭ᠎ᠠ ᠪᠠᠷ ᠶᠢᠡᠨ ᠡᠩ ᠤᠨ ᠠᠰᠠᠭᠤᠳᠠᠯ ᠢ ᠣᠷᠤᠭᠰᠢᠳᠠᠢ ᠰᠠᠢ᠌ᠬᠠᠨ ᠰᠠᠳᠭᠢᠨ ᠰᠢ᠌ᠳᠪᠦᠷᠢᠯᠷᠳᠡᠭ᠌ ᠣᠴᠢᠷ ᠲᠡᠶ᠃ ᠭᠡᠪᠠᠴᠤ ᠡᠨᠡ ᠨᠢ ᠡᠭᠦᠳᠤᠨ ᠪᠦᠳᠦᠭᠡᠯᠴᠢ ᠴᠢᠨᠠᠷ ᠲᠡᠶ ᠪᠠᠷ ᠠᠰᠠᠭᠤᠳᠠᠯ ᠢ ᠰᠢ᠌ᠳᠪᠦᠷᠢᠯᠡᠭᠦ ᠶᠢ ᠬᠠᠷᠰᠢᠯᠠᠳᠠᠭ ᠶᠤᠮ᠃ ᠡᠢ᠌ᠮᠤ ᠡᠴᠠ ᠵᠠᠪᠠᠯ ᠰᠡᠳᠭᠢᠭᠦᠢ ᠶᠢᠨ ᠬᠠᠭᠤᠴᠢᠨ ᠭᠡᠪ ᠡᠴᠠ ᠮᠤᠯᠳᠤᠷᠠᠨ ᠭᠠᠷᠴᠤ ᠬᠠᠭᠤᠴᠢᠨ ᠮᠡᠳᠡᠯᠭᠡ ᠰᠤᠷᠠᠭ ᠵᠠᠩᠭᠢ ᠪᠣᠶᠤ ᠰᠢᠨ᠎ᠡ ᠣᠯᠤᠭᠰᠠᠨ ᠮᠡᠳᠡᠯᠭᠡ ᠰᠤᠷᠠᠭ ᠵᠠᠩᠭᠢ ᠳᠤ ᠳᠠᠭᠢᠨ ᠣᠭᠰᠠᠷᠠᠭᠤᠯᠤᠯ ᠡᠮᠭᠢᠯᠡᠯᠳᠡ ᠭᠢᠭᠦ ᠭᠡᠷᠡᠭ᠍ᠳᠡᠢ᠃ ᠢᠩᠭᠢᠪᠠᠯ ᠰᠠ‍‌ᠶᠢ ᠰᠡᠳᠭᠢᠭᠦᠢ ᠠᠮᠢᠳᠤᠯᠢᠭ ᠪᠣᠯᠵᠤ ᠣᠯᠠᠨ ᠶᠠᠩᠵᠤ ᠪᠠᠷ ᠬᠤᠪᠢᠷᠠᠨ ᠰᠢᠨ᠎ᠡ ᠶᠢ ᠡᠭᠦᠳᠴᠤ ᠴᠢᠳᠠᠨ᠎ᠠ᠃ ᠨᠠᠨ ᠨᠢ ᠳᠠᠷᠤᠢ ᠰᠡᠳᠭᠢᠭᠦᠢ ᠶᠢ ᠵᠠᠳᠠᠷᠠᠭᠤᠯᠬᠤ ᠠᠰᠠᠭᠤᠳᠠᠯ ᠪᠣᠯᠤᠨ᠎ᠠ᠃

ᠵᠠᠳᠠᠷᠠᠭᠤᠯᠬᠤ ᠰᠡᠳᠭᠢᠭᠦᠢ ᠭᠡᠵᠤ ᠡᠭᠦᠳᠤᠨ ᠪᠦᠳᠦᠭᠡᠭᠦ ᠰᠡᠳᠭᠢᠭᠦᠢ ᠶᠢ ᠭᠦᠮᠦᠵᠢᠭᠦᠯᠭᠦ ᠶᠢᠨ ᠴᠢᠬᠤᠯᠠ ᠪᠦᠷᠢᠯᠳᠦᠭᠦᠨ ᠭᠡᠰᠡᠭ᠌ ᠮᠦᠨ᠃ ᠳᠠᠷᠠ ᠨᠢ ᠰᠠᠳᠭᠢᠴᠠ ᠶᠢᠨ ᠭᠦᠳᠡᠯᠭᠡᠭᠡᠨ ᠤ ᠶᠠᠪᠣᠴᠠ ᠳᠤ ᠰᠠᠳᠭᠢᠴᠠ ᠪᠠᠨ ᠨᠠᠷᠠᠨ ᠭᠡᠷᠡᠯ ᠰᠠᠴᠤᠷᠠᠬᠤ ᠰᠢᠭ ᠳᠦᠷᠪᠠᠨ ᠵᠥᠭ᠌ ᠨᠢ᠋ᠮᠠᠨ ᠵᠤᠪᠭᠢᠰ ᠲᠤ ᠵᠠᠳᠠᠷᠠᠭᠤᠯᠤᠨ ᠪᠣᠳᠠᠷᠠᠭᠤᠯᠵᠤ᠂ ᠵᠤᠷᠢᠭᠳᠠᠢ ᠡᠷᠭᠡ ᠴᠢᠯᠦᠭᠡ ᠲᠡᠶ ᠪᠠᠷ ᠬᠤᠯᠪᠤᠨ ᠪᠣᠳᠤᠯᠳᠠ᠂ ᠳᠦᠷᠰᠤᠯᠠᠨ ᠪᠣᠳᠤᠯᠳᠠ᠂ ᠳᠠᠭᠠᠪᠣᠷᠢᠯᠠᠯ ᠪᠠ ᠬᠠᠷᠢᠴᠠᠭᠤᠯᠤᠯ ᠭᠢᠵᠤ᠂ ᠣᠤᠯ ᠤᠨ ᠮᠡᠳᠡᠯᠭᠡ ᠪᠣᠶᠤ ᠮᠡᠳᠡᠭᠡ ᠵᠠᠩᠭᠢ ᠶᠢᠨ ᠭᠦᠷᠢᠶ᠎ᠡ ᠭᠡᠪᠴᠢᠶ᠎ᠡ ᠶᠢ ᠳᠠᠪᠠᠵᠤ᠂ ᠥᠢᠯᠡᠳᠦᠯᠭᠡ ᠳᠤᠮᠳᠠ ᠨᠢᠭᠡᠨᠲᠡ ᠣᠯᠤᠭᠰᠠᠨ ᠮᠡᠳᠡᠯᠭᠡ ᠪᠣᠶᠤ ᠰᠤᠷᠠᠭ ᠵᠠᠩᠭᠢ ᠪᠠᠨ ᠳᠠᠭᠢᠨ ᠡᠮᠭᠢᠯᠡᠵᠤ ᠴᠡᠭ᠍ᠴᠡᠯᠡᠭᠦ ᠪᠠᠷ ᠳᠠᠮᠵᠢᠨ᠂ ᠬᠤᠶᠠᠷ ᠪᠣᠶᠤ ᠬᠤᠶᠠᠷ ᠡᠴᠠ ᠳᠡᠭᠡᠭ᠍ᠰᠢ ᠪᠣᠯᠤᠯᠴᠠᠭᠠᠳᠤ ᠬᠠᠷᠢᠭᠤᠯᠳᠠ᠂ ᠳᠠᠭᠠᠮᠠᠭᠯᠠᠯ ᠡᠰᠡᠪᠠᠯ ᠰᠢ᠌ᠳᠪᠦᠷᠢᠯᠡᠭᠦ ᠠᠷᠭ᠎ᠠ ᠶᠢ ᠦᠷᠭᠡᠳᠭᠡᠨ ᠭᠠᠷᠭᠠᠬᠤ ᠶᠢ ᠵᠢᠭᠠᠨ᠎ᠠ᠃ ᠡᠨᠡ ᠵᠣᠢ᠌ᠯ ᠤᠨ ᠰᠡᠳᠭᠢᠭᠦ ᠠᠷᠭ᠎ᠠ ᠨᠢ ᠨᠢᠭᠡ ᠠᠰᠠᠭᠤᠳᠠᠯ ᠢ ᠪᠣᠳᠤᠯᠭᠢᠯᠠᠨ ᠰᠢ᠌ᠳᠪᠦᠷᠢᠯᠡᠭᠦ ᠲᠦᠰᠤᠪ ᠳᠤᠷᠠᠳᠬᠤ ᠦᠶᠡᠰ ᠲᠤ ᠰᠡᠳᠭᠢᠭᠦ ᠵᠠᠮ ᠣᠯᠠᠰᠢᠷᠠᠵᠤ᠂ ᠰᠡᠳᠭᠢᠭᠦᠢ ᠣᠯᠠᠮ ᠬᠤᠷᠴᠠ ᠰᠡᠷᠭᠡᠢ᠌ᠴᠡᠵᠤ᠂ ᠰᠢ᠌ᠳᠪᠦᠷᠢᠯᠡᠭᠦ ᠠᠷᠭ᠎ᠠ ᠣᠷᠠᠨ ᠳᠤᠭᠢᠷᠠᠮᠵᠢᠳᠠᠢ ᠪᠣᠯᠵᠤ᠂ ᠪᠦᠭᠦ ᠳᠠᠯ᠎ᠠ ᠪᠠᠷ ᠠᠰᠠᠭᠤᠳᠠᠯ ᠢ ᠪᠣᠳᠤᠯᠭᠢᠯᠠᠨ᠂ ᠣᠯᠠᠨ ᠵᠣᠢ᠌ᠯ ᠤᠨ ᠰᠤᠩᠭ᠋ᠤᠨ ᠭᠡᠷᠡᠭᠯᠡᠵᠤ ᠪᠤᠯᠬᠤᠢ᠌ᠴᠠ ᠲᠦᠰᠤᠪ ᠪᠣᠶᠤ ᠠᠷᠭ᠎ᠠ ᠶᠢ ᠣᠯᠳᠠᠭ᠃ ᠣᠠᠴᠤᠭᠣᠢ᠌ᠯᠠᠨ ᠳᠤᠷᠠᠳᠤᠭᠤᠰᠢᠳᠠᠢ ᠨᠢ ᠭᠤᠴᠤ ᠵᠣᠢ᠌ᠯ ᠢ ᠰᠠᠨᠠᠭᠠᠴᠢᠯᠠᠬᠤ (ᠡᠳᠡᠭᠡᠳ ᠶᠢᠡᠷ ᠰᠡᠳᠦᠭᠦ) ᠪᠣᠶᠤ ᠭᠦᠮᠦᠰ ᠤᠨ ᠰᠠᠨᠠᠭᠠᠨ ᠡᠴᠠ ᠭᠠᠳᠠᠭᠤᠷᠭᠢ ᠰᠠᠨᠠᠭᠤᠯᠭ᠎ᠠ ᠶᠢ ᠳᠤᠷᠠᠳᠳᠠᠭ ᠲᠤ ᠪᠣᠢ᠃

ᠡᠭᠦᠳᠤᠨ ᠪᠦᠳᠦᠭᠡᠭᠦ ᠰᠡᠳᠭᠢᠭᠦᠢ ᠶᠢᠨ ᠰᠢᠨ᠎ᠡ ᠶᠢ ᠢᠯᠡᠷᠡᠭᠦᠯᠭᠦ᠂ ᠰᠢᠨ᠎ᠡ ᠶᠢ ᠡᠭᠦᠳᠭᠦ᠂ ᠰᠢᠨ᠎ᠡ ᠨᠡᠭᠡᠭᠡᠯᠳᠡ᠂ ᠰᠢᠨ᠎ᠡ ᠣᠷᠤᠭᠰᠢᠯᠠᠯᠳᠠ᠂ ᠰᠢᠨ᠎ᠡ ᠳᠠᠪᠠᠯᠳᠠ ᠨᠢ ᠵᠠᠳᠠᠷᠠᠭᠤᠯᠬᠤ ᠰᠡᠳᠭᠢᠭᠦᠢ ᠪᠠ ᠳᠦᠪᠯᠡᠷᠡᠭᠦᠯᠭᠦ ᠰᠡᠳᠭᠢᠭᠦᠢ ᠶᠢᠨ ᠣᠯᠠᠨ ᠳᠠᠯ᠎ᠠ ᠣᠯᠠᠨ ᠲᠦᠪᠰᠢᠨ ᠳᠤ ᠣᠷᠠᠨ ᠭᠤᠴᠤ ᠣᠶᠠᠯᠳᠤᠨ ᠨᠡᠢ᠌ᠴᠡᠭ᠍ᠰᠡᠨ ᠡᠴᠠ ᠪᠣᠯᠤᠭᠰᠠᠨ ᠶᠤᠮ᠃ ᠭᠡᠳᠡᠯ᠎ᠡ ᠡᠭᠦᠳᠤᠨ ᠪᠦᠳᠦᠭᠡᠭᠦ ᠰᠡᠳᠭᠢᠭᠦᠢ ᠶᠢᠨ ᠡᠭᠦᠳᠤᠨ ᠪᠦᠳᠦᠭᠡᠭᠦ ᠶᠠᠪᠣᠴᠠ ᠳᠤ ᠡᠨᠡ ᠬᠤᠶᠠᠷ ᠡᠯᠧᠮᠧᠨ᠋ᠲ ᠤᠨ ᠳᠤᠳᠤᠷ᠎ᠠ ᠭᠤᠤᠯᠳᠠᠯᠭᠠᠳᠤ ᠵᠠᠭᠢᠷᠬᠤ ᠣᠢ᠌ᠯᠠᠳᠤᠯ ᠥᠵᠡᠭᠦᠯᠵᠤ ᠪᠠᠢ᠌ᠬᠤ ᠨᠢ ᠵᠠᠳᠠᠷᠠᠭᠤᠯᠬᠤ ᠰᠡᠳᠭᠢᠭᠦᠢ ᠪᠣᠯᠤᠨ᠎ᠠ᠃ ᠣᠴᠢᠷ ᠨᠢ ᠰᠤᠷᠤᠭᠴᠢᠳ ᠰᠡᠳᠭᠢᠭᠦᠢ ᠶᠢᠨ ᠪᠣᠯᠪᠠᠰᠤᠷᠠᠯ ᠭᠢᠭᠦ ᠳᠤ ᠵᠠᠳᠠᠷᠠᠭᠤᠯᠬᠤ ᠰᠡᠳᠭᠢᠭᠦᠢ ᠶᠢᠨ ᠪᠣᠯᠪᠠᠰᠤᠷᠠᠯ ᠶᠢᠡᠷ ᠭᠤᠤᠯᠴᠢᠯᠠᠳᠠᠭ᠃ ᠵᠠᠳᠠᠷᠠᠭᠤᠯᠬᠤ ᠰᠡᠳᠭᠢᠭᠦᠢ ᠨᠢ ᠰᠡᠳᠭᠢᠭᠦᠢ ᠶᠢᠨ ᠭᠦᠳᠡᠯᠭᠡᠭᠡᠨ ᠤ ᠶᠠᠪᠣᠴᠠ ᠳᠤ ᠠᠳᠠᠯᠢ ᠪᠣᠰᠤ ᠴᠢᠭᠯᠡᠯ ᠳᠠᠰᠢ ᠰᠠᠳᠭᠢᠨ ᠬᠤᠯᠪᠤᠨ ᠪᠣᠳᠤᠯᠳᠠ ᠭᠢᠳᠡᠭ᠌ ᠣᠴᠢᠷ ᠡᠴᠠ ᠰᠢᠨ᠎ᠡ ᠶᠢ ᠡᠭᠦᠳᠭᠦ ᠪᠣᠯᠤᠯᠴᠠᠭᠤᠳᠤ ᠴᠢᠨᠠᠷ ᠨᠢᠭᠤᠭᠳᠠᠵᠤ ᠪᠠᠢ᠌ᠬᠤ ᠶᠤᠮ᠃ ᠳᠠᠷᠠ ᠨᠢ ᠵᠠᠷᠢᠮ ᠳᠠᠭᠠᠨ ᠰᠢᠨ᠎ᠡ ᠬᠤᠯᠠ ᠶᠢᠨ ᠬᠠᠷᠠᠯᠳᠠ ᠳᠤ ᠬᠠᠢ᠌ᠨ ᠰᠥᠪᠠᠭ᠍ᠴᠢᠯᠡᠯᠳᠡ ᠭᠢᠵᠤ᠂ ᠵᠠᠷᠢᠮ ᠳᠠᠭᠠᠨ ᠣᠯᠠᠨ ᠶᠠᠩᠵᠤᠳᠤ ᠴᠢᠨᠠᠷ ᠢ ᠭᠦᠭᠡᠭᠡᠴᠡᠯᠳᠦᠳᠡᠭ᠌ ᠡᠴᠠ ᠡᠭᠦᠳᠤᠨ ᠪᠦᠳᠦᠭᠡᠭᠦ ᠰᠡᠳᠭᠢᠭᠦᠢ ᠶᠢᠨ ᠶᠠᠪᠣᠴᠠ ᠳᠤ ᠵᠠᠭᠢᠷᠬᠤ ᠪᠠᠢ᠌ᠷᠢᠨ ᠳᠤ ᠪᠠᠢ᠌ᠳᠠᠭ᠃ ᠡᠢ᠌ᠮᠤ ᠡᠴᠠ ᠪᠢᠳᠠ ᠵᠢᠭᠠᠨ ᠰᠤᠷᠭᠠᠯᠳᠠ ᠳᠤᠮᠳᠠ ᠵᠠᠳᠠᠷᠠᠭᠤᠯᠬᠤ ᠰᠡᠳᠭᠢᠭᠦᠢ ᠶᠢᠨ ᠡᠨᠡᠭᠦ ᠣᠠᠴᠠᠯᠢᠭ ᠢ ᠠᠰᠢᠭᠯᠠᠨ ᠰᠤᠷᠤᠭᠴᠢᠳ ᠤᠨ ᠡᠭᠦᠳᠤᠨ ᠪᠦᠳᠦᠭᠡᠭᠦ ᠰᠡᠳᠭᠢᠭᠦᠢ ᠶᠢ ᠭᠦᠮᠦᠵᠢᠭᠦᠯᠵᠤ ᠪᠣᠯᠤᠨ᠎ᠠ᠃ ᠰᠤᠷᠤᠭᠴᠢᠳ ᠰᠤᠷᠤᠯᠴᠠᠯᠭ᠎ᠠ ᠶᠢᠨ ᠶᠠᠪᠣᠴᠠ ᠳᠤ᠂ ᠵᠥᠪᠭᠡᠨ ᠰᠡᠳᠭᠢᠭᠦᠢ ᠪᠠᠨ ᠵᠠᠳᠠᠷᠠᠭᠤᠯᠮᠠᠠᠵᠢᠨ ᠰᠠ‍‌ᠶᠢ ᠡᠭᠦᠳᠤᠨ ᠪᠦᠳᠦᠭᠡᠭᠦ ᠭᠦᠳᠡᠯᠭᠡᠭᠡᠨ ᠳᠤ ᠣᠷᠤᠯᠴᠠᠵᠤ᠂ ᠠᠮᠢᠳᠤᠯᠢᠭ ᠪᠣᠳᠠᠳᠠᠢ᠂ ᠦᠨ᠎ᠡ ᠦᠷᠳᠡᠭ᠌ ᠲᠡᠶ᠂ ᠡᠭᠦᠳᠤᠨ ᠪᠦᠳᠦᠭᠡᠯᠳᠤ ᠮᠡᠳᠡᠯᠭᠡ ᠶᠢ ᠣᠯᠵᠤ ᠳᠡᠢ᠌ᠯᠳᠡᠭ᠌᠂ ᠮᠠᠨ ᠤ ᠡᠩ ᠤᠨ ᠦᠶᠡᠰ ᠲᠤ ᠶᠠᠷᠢᠳᠠᠭ 《ᠨᠢᠭᠡ ᠶᠢ ᠭᠡᠯᠡᠪᠠᠯ ᠭᠤᠷᠪᠠ ᠶᠢ ᠮᠡᠳᠡᠭᠦ》᠂ 《ᠨᠢᠭᠡ ᠡᠴᠠ ᠠᠷᠪᠠ ᠶᠢ ᠨᠡᠪᠳᠡᠷᠡᠭᠦ》 ᠭᠡᠳᠡᠭ᠌ ᠨᠢ ᠳᠠᠷᠤᠢ ᠰᠡᠳᠭᠢᠭᠦᠢ ᠪᠠᠨ ᠵᠠᠳᠠᠷᠠᠭᠤᠯᠤᠭᠰᠠᠨ ᠤ ᠦᠷ᠎ᠡ ᠳ᠋ᠦ᠋ᠩ ᠪᠣᠯᠤᠨ᠎ᠠ᠃ ᠰᠤᠷᠤᠭᠴᠢᠳ ᠢᠩᠭᠢᠵᠤ ᠰᠡᠳᠭᠢᠭᠦᠢ ᠪᠠᠨ ᠵᠠᠳᠠᠷᠠᠭᠤᠯᠪᠠᠯ ᠡᠭᠦᠳᠤᠨ ᠪᠦᠳᠦᠭᠡᠭᠦ ᠶᠢᠨ ᠬᠠᠷᠰᠢ ᠰᠠᠭᠠᠤᠨ ᠪᠣᠯᠬᠤ ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠰᠤᠷᠤᠭᠴᠢᠳ ᠤᠨ ᠠᠯᠵᠢᠭᠤ ᠬᠣᠢ᠌ᠷᠭᠤ ᠰᠡᠳᠭᠢᠭᠦᠢ ᠶᠢᠨ ᠡᠯᠧᠮᠧᠨ᠋ᠲ ᠵᠢᠴᠢ ᠰᠤᠷᠤᠭᠴᠢᠳ ᠤᠨ ᠰᠡᠳᠭᠢᠭᠦᠢ ᠶᠢᠨ ᠳᠤᠭᠳᠠᠮᠠᠯ ᠴᠢᠨᠠᠷ᠂ ᠭᠡᠪᠰᠢᠯ ᠳᠠᠳᠬᠠᠯ᠂ ᠪᠠᠭᠰᠢ ᠶᠢᠨ ᠰᠡᠳᠭᠢᠭᠦ ᠵᠠᠮ ᠡᠴᠠ ᠳᠠᠪᠠᠵᠤ᠂ ᠠᠰᠠᠭᠤᠳᠠᠯ ᠢ ᠪᠣᠳᠤᠯᠭᠢᠯᠠᠬᠤ ᠳᠠᠩ ᠴᠤᠯᠭᠤᠢ ᠴᠢᠨᠠᠷ ᠡᠴᠠ ᠵᠠᠢ᠌ᠯᠠᠰᠭᠢᠨ᠂ ᠰᠢᠨ᠎ᠡ ᠣᠠᠳᠤᠤ ᠣᠷᠴᠢᠨ ᠪᠣᠶᠤ ᠭᠦᠴᠢᠷ ᠪᠠᠷᠭᠡᠰᠢᠶᠡᠯᠳᠤ ᠠᠬᠤᠢ ᠶᠢᠨ ᠡᠮᠤᠨ᠎ᠡ ᠢᠳᠠᠪᠭᠢᠳᠠᠢ ᠪᠠᠷ ᠠᠷᠭᠠᠴᠠᠬᠤ ᠠᠷᠭ᠎ᠠ ᠠᠪᠴᠤ᠂ ᠰᠢᠨ᠎ᠡ ᠰᠤᠷᠭᠤᠭ ᠪᠠ ᠦᠪᠡᠷᠮᠢᠴᠠ ᠣᠠᠴᠠᠭᠠᠢ ᠪᠠᠷ ᠠᠰᠠᠭᠤᠳᠠᠯ ᠢ ᠰᠢ᠌ᠳᠪᠦᠷᠢᠯᠡᠳᠡᠭ᠌᠃ ᠳᠠᠷᠠ ᠨᠢ ᠰᠤᠷᠤᠭᠴᠢᠳ ᠰᠤᠷᠤᠭᠰᠠᠨ ᠮᠡᠳᠡᠯᠭᠡ ᠪᠠᠨ ᠠᠮᠢᠳᠤᠯᠢᠭ ᠭᠡᠷᠡᠭᠯᠡᠭᠦ ᠶᠢᠨ ᠬᠠᠮᠳᠤ ᠮᠡᠳᠡᠯᠭᠡ ᠶᠢᠨ ᠬᠤᠭᠤᠷᠤᠠᠳᠤᠭᠢ ᠬᠤᠯᠪᠣᠭ᠎ᠠ ᠶᠢ ᠨᠡᠪᠳᠡᠷᠡᠭᠦᠯᠳᠡᠭ᠌᠃ ᠡᠨᠡᠭᠦ ᠶᠠᠪᠣᠴᠠ ᠳᠤ ᠰᠤᠷᠤᠭᠴᠢᠳ ᠤᠨ ᠡᠭᠦᠳᠤᠨ ᠪᠦᠳᠦᠭᠡᠭᠦ ᠵᠤᠷᠢᠭ ᠰᠠᠨᠠᠭ᠎ᠠ ᠨᠢ ᠭᠦᠮᠦᠵᠢᠭ᠍ᠳᠡᠳᠡᠭ᠌ ᠪᠠᠢ᠌ᠨ᠎ᠠ᠃ ᠡᠢ᠌ᠮᠤ ᠡᠴᠠ ᠵᠠᠳᠠᠷᠠᠭᠤᠯᠬᠤ ᠰᠡᠳᠭᠢᠭᠦᠢ ᠨᠢ ᠡᠭᠦᠳᠤᠨ ᠪᠦᠳᠦᠭᠡᠭᠦ ᠰᠡᠳᠭᠢᠭᠦᠢ ᠶᠢ ᠭᠦᠮᠦᠵᠢᠭᠦᠯᠭᠦ ᠶᠢᠨ ᠭᠤᠤᠯ ᠴᠦᠮ᠎ᠡ ᠮᠦᠨ᠃ ᠵᠠᠳᠠᠷᠠᠭᠤᠯᠬᠤ ᠰᠡᠳᠭᠢᠭᠦᠢ ᠶᠢ ᠭᠦᠮᠦᠵᠢᠭᠦᠯᠭᠦ ᠨᠢ ᠰᠤᠷᠤᠭᠴᠢᠳ ᠤᠨ ᠡᠭᠦᠳᠤᠨ ᠪᠦᠳᠦᠭᠡᠭᠦ ᠣᠬᠠᠮᠰᠠᠷ ᠪᠠ ᠰᠢᠨ᠎ᠡ ᠶᠢ ᠡᠭᠦᠳᠭᠦ ᠴᠢᠳᠠᠪᠣᠷᠢ ᠶᠢ ᠭᠦᠮᠦᠵᠢᠭᠦᠯᠭᠦ ᠶᠢᠨ ᠪᠦᠳᠦᠮᠵᠢᠳᠡᠢ ᠠᠷᠭ᠎ᠠ ᠵᠠᠮ ᠮᠦᠨ᠃ ᠵᠠᠳᠠᠷᠠᠭᠤᠯᠬᠤ ᠰᠡᠳᠭᠢᠭᠦᠢ ᠪᠣᠯ ᠣᠠᠳᠤᠤ ᠶᠢ ᠰᠥᠪᠠᠭ᠍ᠴᠢᠯᠡᠭᠦ ᠪᠠ ᠭᠠᠳᠠᠭᠰᠢ ᠪᠠᠨ ᠦᠷᠭᠡᠳᠭᠡᠨ ᠳᠡᠯᠭᠡᠷᠡᠭᠦᠯᠭᠦ ᠶᠠᠩᠵᠤᠳᠤ ᠰᠡᠳᠭᠢᠭᠦᠢ ᠶᠢᠨ ᠭᠡᠯᠪᠠᠷᠢ ᠪᠣᠯᠤᠨ᠎ᠠ᠃ ᠳᠡᠭᠦᠨ ᠳᠤ ᠨᠠᠢ᠌ᠯᠠᠮᠵᠢᠳᠠᠢ ᠣᠷᠤᠰᠤᠮ᠎ᠠ ᠰᠢᠠᠵᠢ᠂ ᠵᠤᠭᠢᠴᠠᠭᠤᠯᠬᠤ ᠰᠢᠠᠵᠢ᠂ ᠠᠮᠢᠳᠤᠯᠢᠭ ᠰᠢᠠᠵᠢ ᠪᠠ ᠦᠪᠡᠷᠮᠢᠴᠠ ᠪᠦᠳᠦᠭᠡᠯᠳᠤ ᠰᠢᠠᠵᠢ ᠵᠡᠷᠭᠡ ᠣᠠᠴᠠᠯᠢᠭ ᠰᠢᠠᠵᠢ ᠲᠡᠶ᠃ ᠨᠠᠢ᠌ᠯᠠᠮᠵᠢᠳᠠᠢ ᠣᠷᠤᠰᠤᠮ᠎ᠠ ᠰᠢᠠᠵᠢ ᠭᠡᠵᠤ ᠰᠡᠳᠭᠢᠭᠦᠢ ᠶᠢᠨ ᠪᠣᠰᠢᠭᠤ ᠱᠠᠯᠠᠮᠠᠭᠠᠢ ᠴᠢᠨᠠᠷ ᠪᠠ ᠬᠤᠷᠳᠤᠴᠠ ᠶᠢ ᠵᠢᠭᠠᠨ᠎ᠠ᠃ ᠥᠭᠡᠷ᠎ᠡ ᠪᠠᠷ ᠭᠡᠯᠡᠪᠠᠯ᠂ ᠡᠭᠦᠳᠤᠨ ᠪᠦᠳᠦᠭᠡᠭᠦ ᠴᠢᠳᠠᠪᠣᠷᠢᠳᠠᠢ ᠭᠦᠮᠤᠨ ᠤ ᠰᠡᠳᠭᠢᠭᠦᠢ ᠶᠢᠨ ᠭᠦᠳᠡᠯᠭᠡᠭᠡᠨ ᠨᠢ ᠪᠣᠯᠪᠠᠰᠤᠷᠠᠩᠭ᠋ᠤᠢ ᠣᠷᠤᠰᠤᠮ᠎ᠠ ᠪᠠᠢ᠌ᠵᠤ ᠣᠬᠤᠷᠬᠠᠨ ᠴᠠᠭ ᠤᠨ ᠳᠤᠳᠤᠷ᠎ᠠ ᠠᠰᠠᠭᠤᠳᠠᠯ ᠢ ᠰᠢ᠌ᠳᠪᠦᠷᠢᠯᠡᠭᠦ ᠣᠯᠠᠨ ᠵᠣᠢ᠌ᠯ ᠤᠨ ᠦᠵᠡᠯᠳᠠ ᠳᠤᠷᠠᠳᠬᠤ ᠪᠣᠶᠤ ᠰᠤᠷᠤᠭᠴᠢ ᠶᠢᠨ ᠬᠠᠷᠢᠭᠤ ᠣᠢ᠌ᠯᠠᠳᠤᠯ ᠨᠢ ᠬᠤᠷᠳᠤᠨ ᠮᠦᠷᠳᠡᠭᠡᠨ ᠣᠯᠠᠨ ᠪᠠᠢ᠌ᠬᠤ ᠶᠢ ᠵᠢᠭᠠᠨ᠎ᠠ᠃ ᠵᠠᠳᠠᠷᠠᠭᠤᠯᠬᠤ ᠰᠡᠳᠭᠢᠭᠦᠢ ᠶᠢᠨ ᠨᠠᠢ᠌ᠯᠠᠮᠵᠢᠳᠠᠢ ᠣᠷᠤᠰᠤᠮ᠎ᠠ ᠰᠢᠠᠵᠢ ᠨᠢ ᠰᠤᠷᠤᠭᠴᠢ ᠶᠢᠨ ᠣᠢ ᠪᠢᠯᠢᠭ᠌ ᠲᠤ ᠬᠠᠳᠠᠭᠠᠯᠠᠭᠳᠠᠵᠤ ᠪᠠᠢ᠌ᠭ᠎ᠠ ᠮᠡᠳᠡᠯᠭᠡ ᠭᠢᠷᠢ ᠭᠡᠮᠵᠢᠶ᠎ᠡ ᠪᠠ ᠰᠤᠷᠠᠭ ᠵᠠᠩᠭᠢ ᠳᠤ ᠳᠦᠰᠢᠭᠯᠡᠳᠡᠭ᠌᠃ ᠪᠦᠸᠧ ᠼᠠᠢ ᠶᠢᠨ ᠭᠡᠯᠡᠭᠦ ᠳᠡᠭᠡᠨ 《ᠨᠢᠭᠡ ᠳᠦᠷᠤᠯᠭᠢ ᠠᠪᠢᠶᠠᠰ ᠪᠢᠯᠢᠭ᠍ᠳᠡᠨ ᠤ ᠶᠠᠷᠤ ᠶᠢᠨ ᠭᠦᠮᠤᠨ ᠡᠴᠠ ᠳᠠᠪᠠᠳᠠᠭ ᠤᠨ ᠰᠢᠯᠳᠠᠭᠠᠨ ᠨᠢ ᠳᠡᠭᠦᠨ ᠳᠤ ᠨᠢᠭᠡ ᠡᠯᠪᠠᠭ᠌ ᠪᠠᠶᠠᠯᠢᠭ ᠵᠢᠷᠤᠮᠠᠭ ᠪᠠᠢ᠌ᠬᠤ ᠳᠤ ᠣᠷᠤᠰᠢᠨ᠎ᠠ》 ᠭᠡᠪᠡ᠃ ᠡᠢ᠌ᠮᠤ ᠡᠴᠠ ᠪᠠᠭᠰᠢ ᠪᠣᠯᠤᠭᠰᠠᠤᠨ ᠵᠠᠪᠠᠯ ᠰᠤᠷᠤᠭᠴᠢ ᠶᠢᠨ ᠮᠡᠳᠡᠯᠭᠡ ᠶᠢᠨ ᠭᠦᠷᠢᠶ᠎ᠡ ᠭᠡᠪᠴᠢᠶ᠎ᠡ ᠶᠢᠨ ᠦᠷᠭᠡᠳᠭᠡᠯ᠂ ᠮᠡᠳᠡᠯᠭᠡ ᠶᠢᠨ ᠬᠤᠷᠠᠮᠳᠤᠭᠤᠯᠤᠯ᠂ ᠳᠠᠰᠤᠷᠠᠯᠳᠠ ᠦᠭᠡᠶ ᠰᠢᠨ᠎ᠡ ᠰᠤᠷᠠᠭ ᠵᠠᠩᠭᠢ ᠶᠢ ᠭᠦᠯᠢᠶᠡᠨ ᠠᠪᠬᠤ ᠴᠢᠳᠠᠪᠣᠷᠢ ᠪᠠ ᠣᠢ ᠪᠢᠯᠢᠭ᠌ ᠨᠡᠮᠡᠭ᠍ᠳᠡᠭᠦᠯᠭᠦ ᠴᠢᠳᠠᠪᠣᠷᠢ ᠶᠢ ᠳᠡᠭᠡᠭ᠍ᠰᠢᠯᠡᠭᠦᠯᠭᠦ ᠭᠡᠷᠡᠭ᠍ᠳᠡᠢ᠃ ᠵᠤᠭᠢᠴᠠᠭᠤᠯᠬᠤ ᠰᠢᠠᠵᠢ ᠭᠡᠵᠤ ᠡᠭᠦᠳᠤᠨ ᠪᠦᠳᠦᠭᠡᠭᠦ ᠴᠢᠳᠠᠪᠣᠷᠢᠳᠠᠢ ᠭᠦᠮᠤᠨ ᠤ ᠰᠡᠳᠭᠢᠭᠦᠢ ᠣᠯᠠᠨ ᠶᠠᠩᠵᠤ ᠪᠠᠷ ᠬᠤᠪᠢᠷᠠᠵᠤ ᠣᠯᠠᠷᠢᠬᠤ ᠶᠢ ᠵᠢᠭᠠᠨ᠎ᠠ᠃ ᠳᠠᠷᠤᠢ ᠰᠡᠳᠭᠢᠭᠦᠢ ᠶᠢᠨ ᠳᠤᠭᠳᠠᠮᠠᠯ ᠭᠡᠯᠪᠠᠷᠢ ᠶᠢᠨ ᠭᠢᠵᠠᠭᠠᠷᠯᠠᠯ ᠢ ᠭᠦᠯᠢᠶᠡᠭᠦ ᠦᠭᠡᠶ ᠪᠠᠷ ᠠᠳᠠᠯᠢ ᠪᠣᠰᠤ ᠭᠡᠪ ᠨᠠᠮᠪᠠ ᠲᠡᠶ ᠦᠵᠡᠯᠳᠠ ᠳᠤᠷᠠᠳᠬᠤ᠂ ᠨᠢᠭᠡ ᠶᠢ ᠮᠠᠳᠠᠪᠠᠯ ᠨᠥᠭᠦᠭᠡ ᠶᠢ ᠣᠢ᠌ᠯᠠᠭᠠᠬᠤ᠂ ᠨᠢᠭᠡ ᠰᠠᠳᠤᠪ ᠢ ᠣᠯᠠᠨ ᠶᠠᠩᠵᠤ ᠪᠠᠷ ᠬᠤᠪᠢᠷᠠᠭᠠᠬᠤ ᠶᠢ ᠭᠡᠯᠡᠨ᠎ᠡ᠃ ᠨᠢᠭᠡ ᠰᠠᠳᠤᠪ ᠢ ᠣᠯᠠᠨ ᠶᠠᠩᠵᠤ ᠪᠠᠷ ᠬᠤᠪᠢᠷᠠᠭᠠᠬᠤ ᠳᠤ ᠰᠤᠷᠤᠭᠴᠢᠳ ᠤᠨ ᠳᠦᠷᠰᠤᠯᠠᠨ ᠪᠣᠳᠤᠯᠳᠠ᠂ ᠬᠤᠯᠪᠤᠨ ᠪᠣᠳᠤᠯᠳᠠ ᠪᠠ ᠳᠠᠭᠠᠪᠣᠷᠢᠯᠠᠬᠤ ᠴᠢᠳᠠᠪᠣᠷᠢ ᠳᠤ ᠳᠦᠰᠢᠭᠯᠡᠭᠦ ᠭᠡᠷᠡᠭ᠍ᠳᠡᠢ᠃ ᠡᠢ᠌ᠮᠤ ᠡᠴᠠ ᠪᠠᠨ ᠪᠠᠭᠰᠠᠢ ᠪᠣᠯᠤᠭᠰᠠᠤᠨ ᠵᠠᠪᠠᠯ ᠰᠤᠷᠤᠭᠴᠢᠳ ᠤᠨ ᠳᠦᠷᠰᠤᠯᠠᠨ ᠪᠣᠳᠤᠯᠳᠠ᠂ ᠬᠤᠯᠪᠤᠨ ᠪᠣᠳᠤᠯᠳᠠ ᠪᠠ ᠳᠠᠭᠠᠪᠣᠷᠢᠯᠠᠬᠤ ᠴᠢᠳᠠᠪᠣᠷᠢ ᠶᠢ ᠭᠦᠡᠳᠦᠳᠭᠡᠨ ᠦᠵᠡᠵᠤ᠂ ᠣᠯᠠᠨ ᠡᠭᠦᠳᠡᠨ ᠡᠴᠠ ᠰᠤᠷᠤᠭᠴᠢᠳ ᠤᠨ ᠠᠰᠠᠭᠤᠳᠠᠯ ᠢ ᠰᠢᠠᠵᠢᠯᠠᠵᠤ ᠠᠰᠠᠭᠤᠳᠠᠯ ᠢ ᠢᠯᠡᠷᠡᠭᠦᠯᠤᠨ ᠠᠰᠠᠭᠤᠳᠠᠯ ᠢ ᠰᠢ᠌ᠳᠪᠦᠷᠢᠯᠡᠭᠦ ᠠᠷᠭ᠎ᠠ ᠶᠢ ᠨᠢ ᠪᠣᠯᠪᠠᠰᠤᠷᠠᠭᠤᠯᠤᠨ᠂ 《ᠥᠡᠳᠡᠭᠡᠨ ᠡᠴᠠ ᠶᠠᠰᠤ ᠡᠷᠢᠭᠦ》 ᠨᠠᠷᠢᠨ ᠨᠢᠭᠳᠠ ᠣᠬᠤᠴᠢᠯᠠᠬᠤ ᠰᠢᠨ᠎ᠡ ᠶᠢ ᠢᠯᠡᠷᠡᠭᠦᠯᠭᠦ ᠵᠤᠷᠢᠭ ᠢ ᠰᠤᠷᠭᠠᠬᠤ ᠴᠢᠬᠤᠯᠠ ᠲᠡᠶ᠃ ᠰᠡᠵᠢᠭᠯᠡᠯ ᠪᠣᠯ ᠳᠦᠷᠰᠤᠯᠠᠨ ᠪᠣᠳᠤᠯᠳᠠ᠂ ᠬᠤᠯᠪᠤᠨ ᠪᠣᠳᠤᠯᠳᠠ ᠪᠠ ᠳᠠᠭᠠᠪᠣᠷᠢᠯᠠᠯ ᠭᠢᠭᠦ ᠶᠢᠨ ᠠᠩᠬᠠᠨ ᠤ ᠠᠯᠬᠤᠮ ᠮᠦᠨ᠃ ᠪᠠᠫᠣᠯᠤᠸᠫ᠄ 《ᠰᠡᠵᠢᠭᠯᠡᠯ ᠪᠣᠯ ᠢᠯᠡᠷᠡᠭᠦᠯᠦᠯ ᠤᠨ ᠳᠠᠭᠠᠮᠭᠯᠠᠯ᠂ ᠬᠠᠢ᠌ᠨ ᠰᠥᠪᠠᠭ᠍ᠴᠢᠯᠡᠯᠳᠡ ᠶᠢᠨ ᠭᠦᠳᠡᠯᠭᠡᠭᠦ ᠭᠦᠴᠤᠨ᠂ ᠰᠢᠨ᠎ᠡ ᠶᠢ ᠡᠭᠦᠳᠭᠦ ᠶᠢᠨ ᠣᠷᠢᠳᠠᠯ ᠮᠦᠨ》 ᠭᠡᠵᠡᠢ᠃ ᠡᠨᠡ ᠨᠢ ᠦᠨᠡᠨᠳᠡᠭᠡᠨ ᠠᠰᠠᠭᠤᠳᠠᠯ ᠢ ᠰᠡᠵᠢᠭᠯᠡᠵᠤ ᠰᠠᠳᠭᠢᠨ ᠪᠣᠳᠤᠯᠭᠢᠯᠠᠬᠤ ᠦᠶᠡᠰ ᠳᠤᠭᠳᠠᠭᠰᠠᠨ ᠭᠡᠯᠪᠠᠷᠢ ᠶᠢᠨ ᠭᠢᠵᠠᠭᠠᠷᠯᠠᠯ ᠡᠴᠠ ᠦᠰᠤᠷᠤᠨ ᠭᠠᠷᠴᠤ᠂ ᠰᠢᠨ᠎ᠡ᠂ ᠠᠳᠠᠯᠢ ᠪᠣᠰᠤ᠂ ᠣᠠᠴᠠ ᠶᠢ ᠭᠦᠭᠡᠭᠡᠴᠡᠯᠳᠦᠭᠦ ᠶᠢ ᠵᠢᠭᠠᠵᠠᠢ᠃ ᠠᠮᠢᠳᠤᠯᠢᠭ ᠰᠢᠠᠵᠢ ᠭᠡᠵᠤ ᠰᠡᠳᠭᠢᠭᠦᠢ ᠶᠢᠨ ᠭᠦᠳᠡᠯᠭᠡᠭᠡᠨ ᠣᠯᠠᠨ ᠬᠠᠠᠳᠤᠰᠢ ᠲᠡᠶ ᠪᠠᠢ᠌ᠬᠤ ᠶᠢ ᠵᠢᠭᠠᠨ᠎ᠠ᠃ ᠳᠠᠷᠤᠢ ᠳᠤᠭᠳᠠᠭᠰᠠᠨ ᠭᠡᠯᠪᠠᠷᠢᠳᠤ ᠭᠡᠪᠰᠢᠮᠡᠯ ᠵᠣᠢ᠌ᠯᠠᠰ ᠤᠨ ᠭᠢᠵᠠᠭᠠᠷᠯᠠᠯ ᠢ ᠡᠪᠳᠡᠵᠤ ᠲᠤᠬᠢᠶᠠᠯ ᠢ ᠦᠵᠡᠵᠤ ᠳᠤᠤᠷ᠎ᠠ ᠪᠠᠨ ᠬᠤᠪᠢᠷᠠᠭᠠᠨ ᠭᠡᠪ ᠡᠴᠠ ᠭᠡᠳᠦᠷᠡᠭ᠍ᠰᠡᠨ ᠰᠠᠳᠭᠢᠮᠵᠢ ᠪᠠᠷ ᠶᠠᠷᠤ ᠪᠣᠰᠤ ᠶᠢᠨ ᠠᠰᠠᠭᠤᠳᠠᠯ ᠢ ᠰᠢ᠌ᠳᠪᠦᠷᠢᠯᠡᠭᠦ ᠦᠵᠡᠯᠳᠠ ᠳᠤᠷᠠᠳᠬᠤ ᠶᠢ ᠭᠡᠯᠡᠨ᠎ᠡ᠃ ᠡᠨᠡ ᠨᠢ ᠰᠤᠷᠤᠭᠴᠢᠳ ᠤᠨ ᠰᠡᠳᠭᠢᠭᠦᠢ ᠳᠤᠭᠳᠠᠭᠰᠠᠨ ᠴᠢᠭᠯᠡᠯ᠂ ᠳᠤᠭᠳᠠᠭᠰᠠᠨ ᠭᠦᠷᠢᠶ᠎ᠡ ᠭᠡᠪᠴᠢᠶ᠎ᠡ ᠭᠡᠵᠤ ᠦᠭᠡᠶ᠂ ᠣᠳᠤᠭᠢ ᠪᠠ ᠥᠩᠭᠡᠷᠡᠭ᠍ᠰᠡᠨ ᠤ ᠮᠡᠳᠡᠯᠭᠡ᠂ ᠰᠤᠷᠠᠭ ᠵᠠᠩᠭᠢ ᠶᠢᠨ ᠭᠦᠯᠢᠶᠡᠰᠤ ᠭᠢᠵᠠᠭᠠᠷ ᠢ ᠭᠦᠯᠢᠶᠡᠭᠦ ᠦᠭᠡᠶ ᠦᠪᠡᠷ ᠤᠨ ᠰᠠᠨᠠᠭᠠᠨ ᠤ ᠠᠶ᠎ᠠ ᠪᠠᠷ ᠶᠢᠡᠨ ᠭᠦᠪᠠᠭᠡ ᠭᠢᠵᠠᠭᠠᠷ ᠦᠭᠡᠶ ᠬᠤᠷᠸ᠎ᠠ ᠳᠤ ᠦᠭᠡᠶ ᠬᠠᠴᠢᠨ ᠪᠣᠳᠤᠨ ᠰᠡᠳᠭᠢᠳᠡᠭ᠌ ᠣᠴᠢᠷ ᠡᠴᠠ ᠵᠠᠩᠰᠢᠭᠰᠠᠨ ᠰᠡᠳᠭᠢᠭᠦᠢ᠂ ᠣᠯᠠᠮᠵᠢᠯᠠᠯᠳᠤ ᠰᠡᠳᠭᠢᠭᠦᠢ ᠪᠠ ᠪᠠᠭᠰᠢ ᠶᠢᠨ ᠰᠤᠷᠤᠭᠴᠢ ᠳᠤ ᠠᠪᠬᠤ ᠣᠪᠣᠷ ᠵᠡᠷᠭᠡ ᠨᠢ ᠪᠦᠷ ᠰᠡᠳᠭᠢᠭᠦᠢ ᠶᠢᠨ ᠠᠮᠢᠳᠤᠯᠢᠭ ᠵᠠᠳᠠᠷᠠᠬᠤ ᠳᠤ ᠲᠤᠢ᠌ᠯ ᠤᠨ ᠶᠡᠭᠡ ᠬᠠᠷᠰᠢ ᠰᠠᠭᠠᠤᠨ ᠪᠣᠯᠳᠠᠭ᠃ ᠡᠢ᠌ᠮᠤ ᠡᠴᠠ ᠭᠢᠴᠢᠶᠠᠯ ᠤᠨ ᠳᠠᠩᠭᠢᠮ ᠳᠤ ᠵᠠᠪᠠᠯ ᠳᠠᠭᠠᠪᠣᠷᠢᠯᠠᠯ ᠭᠢᠵᠤ ᠬᠤᠪᠢᠷᠠᠯᠳᠠ ᠣᠷᠤᠭᠤᠯᠤᠨ ᠰᠢᠨ᠎ᠡ ᠬᠠᠭᠤᠴᠢᠨ ᠮᠡᠳᠡᠭᠡ ᠶᠢ ᠰᠤᠯᠪᠢᠴᠠᠨ ᠬᠤᠯᠪᠣᠵᠤ ᠰᠤᠷᠤᠭᠴᠢᠳ ᠤᠨ ᠣᠯᠠᠮᠵᠢᠯᠠᠯᠳᠤ ᠵᠠᠩᠰᠢᠭᠰᠠᠨ ᠰᠡᠳᠭᠢᠭᠦᠢ ᠶᠢ ᠡᠪᠳᠡᠵᠤ ᠰᠤᠷᠤᠭᠴᠢᠳ ᠢ ᠵᠤᠷᠢᠭᠵᠢᠭᠤᠯᠤᠨ ᠥᠳᠦᠭᠡᠭᠦ ᠭᠡᠷᠡᠭ᠍ᠳᠡᠢ᠃ ᠦᠪᠡᠷᠮᠢᠴᠠ ᠪᠦᠳᠦᠭᠡᠯᠳᠤ ᠰᠢᠠᠵᠢ ᠭᠡᠵᠤ ᠰᠡᠳᠭᠢᠭᠦᠢ ᠳᠤ ᠶᠠᠷᠤ ᠪᠣᠰᠤ ᠶᠢᠨ ᠦᠪᠡᠷᠮᠢᠴᠠ ᠣᠠᠴᠠ᠂ ᠰᠢᠨ᠎ᠡ ᠠᠳᠠᠯᠢ ᠪᠣᠰᠤ ᠪᠦᠷᠢᠯᠳᠦᠭᠦᠨ ᠪᠠᠢ᠌ᠬᠤ ᠶᠢ ᠵᠢᠭᠠᠨ᠎ᠠ᠃ ᠥᠭᠡᠷ᠎ᠡ ᠪᠠᠷ ᠭᠡᠯᠡᠪᠠᠯ᠂ ᠣᠷᠢᠳ ᠡᠮᠤᠨ᠎ᠡ ᠪᠠᠢ᠌ᠭ᠎ᠠ ᠦᠭᠡᠶ ᠰᠢᠨ᠎ᠡ ᠡᠭᠦᠳᠡᠨ ᠡᠴᠠ ᠰᠢᠨ᠎ᠡ ᠦᠵᠡᠯᠳᠠ ᠪᠠᠷ ᠣᠴᠢᠵᠤ ᠭᠡᠷᠡᠭ᠌ ᠪᠣᠳᠠᠰ ᠢ ᠳᠠᠨᠢᠵᠤ ᠳᠤᠰᠬᠠᠬᠤ ᠶᠢ ᠭᠡᠯᠡᠨ᠎ᠡ᠃ ᠵᠠᠳᠠᠷᠠᠭᠤᠯᠬᠤ ᠰᠡᠳᠭᠢᠭᠦᠢ ᠨᠢ ᠨᠠᠢ᠌ᠯᠠᠮᠵᠢᠳᠠᠢ ᠣᠷᠤᠰᠤᠮ᠎ᠠ ᠰᠢᠠᠵᠢ ᠪᠠᠷ ᠰᠠᠭᠤᠷᠢ ᠪᠣᠯᠭᠠᠨ ᠵᠤᠭᠢᠴᠠᠭᠤᠯᠬᠤ ᠰᠢᠠᠵᠢ ᠪᠠᠷ ᠵᠠᠩᠭᠢᠯᠠᠭ᠎ᠠ ᠪᠣᠯᠭᠠᠵᠤ ᠠᠮᠢᠳᠤᠯᠢᠭ ᠰᠢᠠᠵᠢ ᠪᠠᠷ ᠠᠮᠢᠵᠢᠷᠠᠯ ᠶᠢᠡᠨ ᠪᠣᠯᠭᠠᠳᠠᠭ ᠪᠣᠯ ᠦᠪᠡᠷᠮᠢᠴᠠ ᠪᠦᠳᠦᠭᠡᠯᠳᠤ ᠰᠢᠠᠵᠢ ᠪᠣᠯ ᠵᠠᠳᠠᠷᠠᠭᠤᠯᠬᠤ ᠰᠡᠳᠭᠢᠭᠦᠢ ᠶᠢᠨ ᠴᠦᠮ᠎ᠡ ᠨᠢ ᠮᠦᠨ᠃ ᠣᠴᠢᠷ ᠨᠢ ᠵᠠᠳᠠᠷᠠᠭᠤᠯᠬᠤ ᠰᠡᠳᠭᠢᠭᠦᠢ ᠶᠢᠨ ᠴᠢᠬᠤᠯᠠ ᠣᠠᠴᠠᠯᠢᠭ ᠪᠣᠯ ᠭᠡᠷᠡᠭ᠌ ᠪᠣᠳᠠᠰ ᠤᠨ ᠳᠤᠬᠠᠢ ᠡᠩ ᠤᠨ ᠪᠠᠢ᠌ᠳᠠᠯ ᠡᠴᠠ ᠳᠠᠪᠠᠭᠰᠠᠨ ᠣᠯᠠᠨ ᠡᠴᠠ ᠣᠠᠴᠠ ᠰᠢᠨ᠎ᠡ ᠪᠦᠳᠦᠭᠡᠯᠴᠢ ᠠᠵᠢᠯᠯᠠᠭ᠎ᠠ ᠶᠢᠨ ᠵᠠᠩᠭᠢᠯᠠᠭ᠎ᠠ ᠶᠢᠨ ᠪᠦᠷᠢᠯᠳᠦᠭᠦᠨ ᠪᠣᠯᠵᠤ ᠪᠠᠢ᠌ᠨ᠎ᠠ᠃ ᠡᠢ᠌ᠮᠤ ᠡᠴᠠ ᠪᠠᠨ ᠰᠡᠳᠭᠢᠭᠦᠢ ᠵᠠᠳᠠᠷᠠᠬᠤ ᠶᠠᠪᠣᠴᠠ ᠳᠤ ᠦᠪᠡᠷᠮᠢᠴᠠ ᠪᠦᠳᠦᠭᠡᠯᠳᠤ ᠰᠢᠠᠵᠢ ᠨᠢ ᠨᠠᠩ ᠴᠢᠬᠤᠯᠠ ᠠᠴᠢ ᠬᠤᠯᠪᠣᠭᠳᠠᠯ ᠲᠡᠶ᠃ ᠪᠠᠭᠰᠢ ᠭᠦᠮᠤᠨ ᠡᠭᠦᠨ ᠢ ᠠᠩᠬᠠᠷᠤᠯ ᠳᠠᠭᠠᠨ ᠠᠪᠣᠪᠠᠯ ᠵᠤᠭᠢᠨ᠎ᠠ᠃ ᠵᠠᠪᠠᠯ ᠰᠤᠷᠤᠭᠴᠢᠳ ᠤᠨ ᠠᠰᠠᠭᠤᠳᠠᠯ ᠳᠤ ᠰᠥᠪᠠᠭ᠍ᠴᠢᠯᠡᠯᠳᠡ ᠭᠢᠭᠦ ᠣᠯᠠᠨ ᠶᠠᠩᠵᠤᠳᠤ ᠴᠢᠨᠠᠷ ᠪᠠ ᠠᠩᠬᠠᠨ ᠤ ᠪᠦᠳᠦᠭᠡᠯᠳᠤ ᠴᠢᠨᠠᠷ ᠢ ᠭᠦᠭᠢᠭᠦᠯᠤᠨ ᠵᠤᠷᠢᠭᠵᠢᠭᠤᠯᠵᠤ ᠵᠣᠢ᠌ᠯ ᠪᠦᠷᠢ ᠶᠢᠨ ᠴᠡᠴᠡᠭ᠌ ᠢ ᠵᠡᠷᠭᠡ ᠪᠠᠷ ᠳᠡᠯᠭᠡᠷᠡᠭᠦᠯᠵᠤ ᠡᠷᠳᠡᠮᠳᠡᠨ ᠪᠦᠭᠦᠨ ᠢ ᠴᠢᠯᠦᠭᠡᠳᠡᠢ ᠶᠠᠷᠢᠯᠴᠠᠭᠤᠯᠬᠤ ᠴᠢᠯᠦᠭᠡᠳᠡᠢ ᠣᠷᠤᠯᠳᠤᠬᠤ ᠭᠢᠴᠢᠶᠠᠯ ᠤᠨ ᠳᠠᠩᠭᠢᠮ ᠤᠨ ᠠᠭᠤᠷ ᠠᠮᠢᠰᠬᠤᠯ ᠢ ᠪᠣᠢ ᠪᠣᠯᠭᠠᠨ ᠰᠤᠷᠤᠭᠴᠢᠳ ᠤᠨ ᠭᠦᠳᠡᠯᠦᠩᠭᠦᠢ ᠴᠢᠨᠠᠷ ᠪᠠ ᠡᠭᠦᠳᠤᠨ ᠪᠦᠳᠦᠭᠡᠯᠴᠢ ᠴᠢᠨᠠᠷ ᠢ ᠳᠠᠢ᠌ᠴᠢᠯᠠᠬᠤ ᠭᠡᠷᠡᠭ᠍ᠳᠡᠢ᠃ ᠰᠤᠷᠤᠭᠴᠢᠳ ᠤᠨ ᠦᠪᠡᠷᠮᠢᠴᠠ ᠪᠦᠳᠦᠭᠡᠯᠳᠤ ᠰᠢᠠᠵᠢ ᠶᠢ ᠭᠦᠮᠦᠵᠢᠭᠦᠯᠭᠦ ᠳᠤ ᠰᠤᠷᠤᠭᠴᠢᠳ ᠤᠨ ᠦᠪᠡᠷᠮᠢᠴᠠ ᠵᠠᠩ ᠴᠢᠨᠠᠷ ᠤᠨ ᠭᠦᠮᠦᠵᠢᠯ ᠢ ᠠᠩᠬᠠᠷᠬᠤ ᠭᠡᠷᠡᠭ᠍ᠳᠡᠢ᠃ ᠡᠭᠦᠳᠤᠨ ᠪᠦᠳᠡᠭᠡᠭᠦ ᠪᠣᠯ ᠨᠢᠭᠡᠨ ᠰᠢᠷᠭᠠᠬᠤ ᠬᠠᠳᠠᠭᠤᠵᠢᠯᠳᠠᠢ᠂ ᠨᠠᠷᠢᠨ ᠨᠢᠭᠳᠠ᠂ ᠠᠪᠢᠶᠠᠰ ᠪᠢᠯᠢᠭ᠌ ᠤᠨ ᠬᠤᠷᠴᠠ ᠰᠡᠷᠡᠭᠦ ᠭᠦᠳᠡᠯᠮᠦᠷᠢ ᠮᠦᠨ᠃ ᠡᠨᠡ ᠭᠦᠳᠡᠯᠮᠦᠷᠢ ᠶᠢᠨ ᠶᠠᠪᠣᠴᠠ ᠳᠤ ᠪᠠᠶ᠎ᠠ ᠶᠢᠨ ᠪᠠ ᠣᠶᠤᠨ ᠤ ᠭᠦᠴᠤ ᠳᠡᠭᠡᠳᠤ ᠭᠡᠮᠵᠢᠶ᠎ᠡ ᠪᠠᠷ ᠳᠦᠪᠯᠡᠷᠡᠳᠡᠭ᠌ ᠣᠴᠢᠷ ᠡᠴᠠ ᠡᠭᠦᠳᠤᠨ ᠪᠦᠳᠦᠭᠡᠭ᠍ᠴᠢ ᠶᠢᠨ ᠰᠢᠷᠭᠠᠬᠤ ᠬᠠᠳᠠᠭᠤᠵᠢᠯᠳᠠᠢ ᠰᠢᠮᠳᠠᠬᠤ ᠵᠤᠷᠢᠭ ᠰᠠᠨᠠᠭ᠎ᠠ ᠶᠢ ᠱᠠᠭᠠᠷᠳᠠᠳᠠᠭ᠃ ᠡᠢ᠌ᠮᠤ ᠡᠴᠠ ᠵᠢᠭᠠᠨ ᠰᠤᠭᠠᠬᠤ ᠶᠠᠪᠣᠴᠠ ᠳᠤ ᠰᠤᠷᠤᠭᠴᠢᠳ ᠤᠨ ᠦᠪᠡᠷᠮᠢᠴᠠ ᠵᠠᠩ ᠴᠢᠨᠠᠷ ᠤᠨ ᠭᠦᠮᠦᠵᠢᠯ ᠢ ᠭᠦᠡᠳᠦᠳᠭᠡᠨ ᠳᠠᠳᠠᠨᠤᠰ ᠢ ᠳᠠᠰᠪᠣᠷᠢ ᠲᠡᠶ᠂ ᠡᠷᠡᠰ ᠬᠠᠳᠠᠭᠤ ᠵᠤᠷᠢᠭ ᠲᠡᠶ᠂ ᠦᠪᠡᠷ ᠤᠨ ᠦᠵᠡᠯᠳᠠ ᠲᠡᠶ᠂ ᠰᠢᠠᠳᠠᠷᠠᠵᠤ ᠨᠤᠭᠤᠷᠠᠰᠢ ᠦᠭᠡᠶ ᠳᠠᠰᠢ ᠭᠦᠭ᠍ᠵᠢᠭᠦᠯᠭᠦ ᠭᠡᠷᠡᠭ᠍ᠳᠡᠢ᠃ ᠡᠨᠡ ᠨᠢ ᠰᠡᠳᠭᠢᠭᠦᠢ ᠶᠢ ᠵᠠᠳᠠᠷᠠᠭᠤᠯᠵᠤ ᠡᠭᠦᠳᠤᠨ ᠪᠦᠳᠦᠭᠡᠭᠦ ᠶᠢᠨ ᠪᠠᠳᠤᠯᠠᠭ᠎ᠠ ᠮᠦᠨ᠃ ᠮᠠᠨ ᠤ ᠣᠯᠤᠰ ᠤᠨ ᠳᠤᠭᠠᠨ ᠤ ᠣᠬᠠᠭᠠᠠᠳᠠᠨ ᠯᠢ ᡁᠢ ᠫᠷᠤᠹᠧᠰᠰᠤᠷ 《ᠳᠤᠭᠠᠨ ᠤ ᠣᠬᠠᠭᠠᠨ ᠳᠡᠭᠡᠷᠡᠭᠢ ᠰᠢᠨ᠎ᠡ ᠣᠬᠠᠮᠰᠠᠷ᠂ ᠰᠢᠨ᠎ᠡ ᠦᠵᠡᠯᠳᠠ ᠪᠠ ᠰᠢᠨ᠎ᠡ ᠠᠷᠭ᠎ᠠ ᠶᠢᠨ ᠢᠷᠠᠯᠳᠠ ᠨᠢ ᠶᠠᠷᠤ ᠡᠴᠠ ᠪᠠᠨ ᠵᠠᠳᠠᠷᠠᠭᠤᠯᠬᠤ ᠰᠡᠳᠭᠢᠭᠦᠢ ᠪᠠᠢ᠌ᠳᠠᠭ᠃ ᠳᠠᠷᠠ ᠡᠭᠦᠳᠤᠨ ᠪᠦᠳᠦᠭᠡᠭᠦ ᠴᠢᠳᠠᠪᠣᠷᠢ ᠶᠢ ᠳᠤᠮᠢᠶ᠎ᠠ ᠪᠠᠷ ᠢᠯᠡᠳᠭᠡᠪᠠᠯ᠂ ᠡᠭᠦᠳᠤᠨ ᠪᠦᠳᠦᠭᠡᠭᠦ ᠴᠢᠳᠠᠪᠣᠷᠢ = ᠮᠡᠳᠡᠯᠭᠡ ᠶᠢᠨ ᠭᠢᠷᠢ ᠭᠡᠮᠵᠢᠶ᠎ᠡ ×ᠵᠠᠳᠠᠷᠠᠭᠤᠯᠬᠤ ᠰᠡᠳᠭᠢᠭᠦᠢ ᠶᠢᠨ ᠴᠢᠳᠠᠪᠣᠷᠢ》 ᠭᠡᠵᠡᠢ᠃ ᠡᠨᠡ ᠳᠤᠮᠢᠶ᠎ᠠ ᠨᠢ ᠡᠭᠦᠳᠤᠨ ᠪᠦᠳᠦᠭᠡᠭᠦ ᠰᠡᠳᠭᠢᠭᠦᠢ ᠶᠢ ᠭᠦᠮᠦᠵᠢᠭᠦᠯᠭᠦ ᠶᠠᠪᠣᠴᠠ ᠳᠡᠬᠢ ᠵᠠᠳᠠᠷᠠᠭᠤᠯᠬᠤ ᠰᠡᠳᠭᠢᠭᠦᠢ ᠶᠢᠨ ᠴᠢᠬᠤᠯᠠ ᠴᠢᠨᠠᠷ ᠢ ᠢᠯᠡᠷᠡᠭᠦᠯᠪᠡ᠃ ᠡᠢ᠌ᠮᠤ ᠡᠴᠠ ᠵᠠᠳᠠᠷᠠᠭᠤᠯᠬᠤ ᠰᠡᠳᠭᠢᠭᠦᠢ ᠪᠠᠷ ᠳᠠᠮᠵᠢᠵᠤ᠂ ᠰᠤᠷᠤᠭᠴᠢᠳ ᠤᠨ ᠣᠶᠤᠨ ᠤ ᠠᠪᠢᠶᠠᠰ ᠴᠢᠳᠠᠪᠣᠷᠢ ᠶᠢ ᠲᠤᠢ᠌ᠯ ᠤᠨ ᠶᠡᠭᠡ ᠪᠠᠷ ᠨᠡᠭᠡᠭᠡᠵᠤ ᠰᠤᠷᠤᠭᠴᠢᠳ ᠤᠨ ᠡᠭᠦᠳᠤᠨ ᠪᠦᠳᠦᠭᠡᠭᠦ ᠴᠢᠳᠠᠪᠣᠷᠢ ᠶᠢ ᠭᠦᠮᠦᠵᠢᠭᠦᠯᠵᠤ ᠪᠣᠯᠤᠨ᠎ᠠ᠃

ᠳᠡᠭᠡᠪᠠᠯ ᠶᠠᠭᠠᠭᠢᠵᠤ ᠰᠤᠷᠤᠭᠴᠢᠳ ᠤᠨ ᠰᠡᠳᠭᠢᠭᠦᠢ ᠶᠢ ᠵᠠᠳᠠᠷᠠᠭᠤᠯᠬᠤ ᠪᠣᠢ ︖ ᠭᠡᠪᠠᠯ ᠪᠠᠭᠰᠢ ᠪᠣᠯᠤᠭᠰᠠᠤᠨ ᠶᠠᠭᠤᠨ ᠤ ᠡᠮᠤᠨ᠎ᠡ ᠵᠢᠭᠠᠬᠤ ᠮᠠᠲ᠋ᠸᠷᠢᠶᠠᠯ ᠶᠢᠡᠨ ᠣᠯᠠᠨ ᠳᠠᠯ᠎ᠠ ᠣᠯᠠᠨ ᠶᠠᠩᠵᠤ ᠪᠠᠷ ᠠᠭᠢᠨ ᠳᠠᠭᠢᠨ ᠵᠠᠳᠠᠯᠤᠨ ᠰᠤᠳᠤᠯᠤᠯᠳᠠ ᠭᠢᠵᠤ ᠪᠦᠭᠦ ᠳᠠᠯ᠎ᠠ ᠪᠠᠷ ᠪᠡᠯᠡᠳᠭᠡᠨ ᠰᠡᠳᠭᠢᠭᠦ ᠵᠠᠮ ᠶᠢᠡᠨ ᠦᠷᠭᠡᠳᠭᠡᠵᠤ᠂ ᠰᠤᠷᠤᠭᠴᠢᠳ ᠤᠨ ᠰᠡᠳᠭᠢᠴᠠ ᠶᠢᠨ ᠵᠢᠮ᠎ᠠ ᠶᠢ ᠣᠢ᠌ᠯᠠᠭᠠᠨ ᠮᠡᠳᠡᠯᠭᠡ ᠶᠢᠨ ᠭᠤᠤᠯᠳᠠᠯᠭ᠎ᠠ᠂ ᠭᠦᠴᠢᠷᠳᠡᠯᠭᠡ᠂ ᠵᠠᠯᠭᠠᠰᠤ᠂ ᠬᠠᠢ᠌ᠨ ᠰᠥᠪᠠᠭ᠍ᠴᠢᠯᠡᠭᠦ ᠠᠰᠠᠭᠤᠳᠠᠯ ᠤᠨ ᠵᠠᠩᠭᠢᠯᠠᠭ᠎ᠠ᠂ ᠢᠳᠠᠪᠭᠢ ᠪᠣᠰᠤ ᠳᠤᠭᠳᠠᠭᠰᠠᠨ ᠭᠡᠯᠪᠠᠷᠢᠳᠤ ᠰᠡᠳᠭᠢᠭᠦᠢ ᠶᠢᠨ ᠠᠮᠠᠷᠬᠠᠨ ᠣᠰᠤᠯᠳᠤᠬᠤ ᠭᠠᠵᠠᠷ ᠢ ᠳᠤᠭᠢᠷᠠᠮᠵᠢᠳᠠᠢ ᠡᠵᠡᠮᠰᠢᠨ᠂ ᠮᠡᠳᠡᠯᠭᠡ ᠶᠢᠨ ᠬᠤᠭᠤᠷᠤᠠᠳᠤᠭᠢ ᠡᠯ᠎ᠡ ᠳᠠᠯ᠎ᠠ ᠶᠢᠨ ᠨᠠᠷᠢᠨ ᠬᠤᠯᠪᠣᠭ᠎ᠠ ᠶᠢ ᠣᠯᠵᠤ ᠰᠤᠷᠤᠭᠴᠢᠳ ᠢ ᠣᠷᠮᠠᠰᠢᠭᠤᠯᠤᠨ ᠣᠷᠮ᠎ᠠ ᠪᠠᠬ᠎ᠠ ᠶᠢ ᠨᠢ ᠭᠦᠳᠡᠯᠭᠡᠨ ᠰᠡᠳᠭᠢᠭᠦᠢ ᠶᠢ ᠨᠢ ᠵᠠᠳᠠᠷᠠᠭᠤᠯᠵᠤ ᠳᠡᠢ᠌ᠯᠡᠭᠦᠢᠴᠡ ᠰᠠᠳᠭᠢᠴᠠ ᠶᠢᠨ ᠣᠷᠤᠨ ᠵᠠᠢ ᠢᠯᠡᠷᠡᠭᠦᠯᠵᠤ ᠭᠠᠷᠭᠠᠬᠤ ᠭᠡᠷᠡᠭ᠍ᠳᠡᠢ᠃ ᠳᠠᠷᠠᠭ᠎ᠠ ᠨᠢ᠂ ᠰᠤᠷᠤᠭᠴᠢᠳ ᠤᠨ ᠰᠡᠳᠭᠢᠭᠦᠢ ᠶᠢ ᠦᠷᠭᠡᠳᠭᠡᠨ ᠡᠩ ᠤᠨ ᠵᠤᠷᠰᠢᠯ ᠢ ᠡᠪᠳᠡᠵᠤ ᠳᠡᠢ᠌ᠯᠡᠭᠦᠢᠴᠡ ᠰᠢᠨ᠎ᠡ ᠭᠢᠴᠢᠶᠠᠯ ᠳᠤ ᠣᠷᠤᠬᠤ ᠮᠡᠳᠡᠯᠭᠡ ᠶᠢᠨ ᠭᠤᠭᠴᠤᠭ᠎ᠠ ᠵᠤᠬᠢᠶᠠᠵᠤ᠂ ᠰᠤᠷᠤᠭᠴᠢᠳ ᠢ ᠠᠰᠠᠭᠤᠳᠠᠯ ᠳᠤ ᠵᠤᠷᠢᠭᠳᠠᠢ ᠰᠠᠨᠠᠭᠠᠨ ᠳᠤᠷ᠎ᠠ ᠪᠠᠷ ᠶᠢᠡᠨ ᠣᠯᠠᠨ ᠳᠠᠯ᠎ᠠ ᠣᠯᠠᠨ ᠶᠠᠩᠵᠤ ᠶᠢᠨ ᠬᠤᠪᠢᠷᠠᠯᠳᠠ ᠲᠡᠶ ᠪᠠᠷ ᠰᠤᠳᠤᠯᠤᠯᠳᠠ ᠭᠢᠯᠭᠡᠵᠤ᠂ 《ᠨᠢᠭᠡ ᠯᠠ ᠭᠦᠭᠦᠷᠭᠡ ᠪᠠᠷ ᠰᠢᠬᠠᠯᠴᠠᠬᠤ》 ᠳᠤᠭᠳᠠᠭᠰᠠᠨ ᠭᠡᠯᠪᠠᠷᠢᠳᠤ ᠰᠡᠳᠭᠢᠭᠦᠢ ᠶᠢ ᠳᠡᠪᠴᠢᠭᠦᠯᠵᠤ᠂ ᠣᠯᠠᠨ ᠵᠣᠢ᠌ᠯ ᠤᠨ ᠰᠤᠩᠭ᠋ᠤᠵᠤ ᠪᠤᠯᠬᠤᠢ᠌ᠴᠠ ᠠᠷᠭ᠎ᠠ ᠪᠠ ᠲᠦᠰᠤᠪ ᠢ ᠳᠤᠷᠠᠳᠤᠭᠤᠯᠬᠤ ᠭᠡᠷᠡᠭ᠍ᠳᠡᠢ᠃ ᠨᠠᠩ ᠣᠠᠴᠤᠭᠣᠢ᠌ᠯᠠᠨ ᠭᠦᠮᠤᠨ ᠡᠴᠠ ᠣᠠᠴᠠ ᠰᠠᠨᠠᠭᠤᠯᠭ᠎ᠠ ᠳᠤᠷᠠᠳᠤᠭᠤᠯᠬᠤ ᠭᠡᠷᠡᠭ᠍ᠳᠡᠢ᠃ ᠡᠢ᠌ᠮᠤ ᠵᠣᠢ᠌ᠯ ᠤᠨ ᠵᠢᠭᠠᠨ ᠰᠤᠷᠭᠠᠬᠤ ᠠᠷᠭ᠎ᠠ ᠨᠢ ᠭᠢᠴᠢᠶᠠᠯ ᠤᠨ ᠳᠠᠩᠭᠢᠮ ᠳᠤ ᠰᠤᠷᠤᠭᠴᠢᠳ ᠤᠨ ᠭᠤᠤᠯ ᠴᠤᠭᠴᠠ ᠪᠣᠯᠬᠤ ᠣᠢ᠌ᠯᠠᠳᠤᠯ ᠢ ᠭᠦᠢᠴᠡᠳ ᠪᠠᠳᠠᠷᠠᠭᠤᠯᠬᠤ ᠵᠤᠭᠢᠴᠠᠬᠤ ᠴᠢᠳᠠᠪᠣᠷᠢ᠂ ᠳᠦᠷᠰᠤᠯᠠᠨ ᠪᠣᠳᠤᠬᠤ ᠴᠢᠳᠠᠪᠣᠷᠢ ᠨᠠᠩ ᠴᠢᠬᠤᠯᠠ ᠨᠢ ᠳᠤᠰᠠᠭᠠᠷ ᠡᠭᠦᠳᠤᠨ ᠪᠦᠳᠦᠭᠡᠭᠦ ᠴᠢᠳᠠᠪᠣᠷᠢ ᠶᠢ ᠭᠦᠮᠦᠵᠢᠭᠦᠯᠭᠦ ᠳᠤ ᠲᠤᠢ᠌ᠯ ᠤᠨ ᠴᠢᠬᠤᠯᠠ ᠠᠴᠢ ᠬᠤᠯᠪᠣᠭᠳᠠᠯ ᠲᠡᠶ᠃

ᠪᠣᠳᠠᠳᠠᠢ ᠵᠢᠭᠠᠨ ᠰᠤᠷᠭᠠᠬᠤ ᠥᠢᠯᠡᠳᠦᠯᠭᠡ ᠳᠤᠮᠳᠠ ᠰᠤᠷᠤᠭᠴᠢᠳ ᠤᠨ ᠰᠡᠳᠭᠢᠭᠦᠢ ᠶᠢ ᠵᠠᠳᠠᠷᠠᠭᠤᠯᠤᠶ᠎ᠠ ᠭᠡᠪᠠᠯ᠂ ᠵᠢᠭᠠᠨ ᠰᠤᠷᠭᠠᠬᠤ ᠮᠠᠲ᠋ᠸᠷᠢᠶᠠᠯ ᠡᠴᠠ ᠣᠷᠠᠨ ᠭᠠᠷᠮᠠᠭᠠᠢ ᠪᠠᠷ ᠰᠤᠷᠤᠭᠴᠢᠳ ᠤᠨ ᠰᠡᠳᠭᠢᠭᠦᠢ ᠶᠢ ᠵᠠᠳᠠᠷᠠᠭᠤᠯᠬᠤ ᠴᠢᠭ᠌ ᠢ ᠢᠯᠡᠷᠡᠭᠦᠯᠭᠦ ᠭᠡᠷᠡᠭ᠍ᠳᠡᠢ᠃ ᠰᠡᠳᠭᠢᠭᠦᠢ ᠶᠢᠨ ᠵᠠᠳᠠᠷᠠᠭᠤᠯᠬᠤ ᠴᠢᠭ᠌ ᠪᠣᠯ ᠡᠯ᠎ᠡ ᠳᠠᠯ᠎ᠠ ᠶᠢᠨ ᠮᠡᠳᠡᠯᠭᠡ ᠪᠠ ᠰᠤᠷᠠᠭ ᠵᠠᠩᠭᠢ ᠶᠢᠨ ᠬᠤᠯᠪᠣᠯᠳᠤᠵᠤ ᠪᠠᠢ᠌ᠭ᠎ᠠ ᠵᠠᠩᠭᠢᠯᠠᠭ᠎ᠠ ᠶᠢᠨ ᠭᠠᠵᠠᠷ ᠪᠣᠯᠤᠨ᠎ᠠ᠃ ᠡᠨᠡ ᠴᠢᠭ᠌ ᠨᠢ ᠶᠠᠮᠠᠷ ᠨᠢᠭᠡ ᠳᠠᠯ᠎ᠠ ᠪᠠᠷ ᠡᠰᠡᠭᠦᠯ᠎ᠡ ᠶᠠᠮᠠᠷ ᠨᠢᠭᠡ ᠭᠡᠯᠪᠠᠷᠢ ᠪᠠᠷ ᠣᠯᠠᠨ ᠵᠣᠢ᠌ᠯ ᠤᠨ ᠮᠡᠳᠡᠯᠭᠡ᠂ ᠰᠤᠷᠠᠭ ᠵᠠᠩᠭᠢ ᠪᠣᠶᠤ ᠠᠰᠠᠭᠤᠳᠠᠯ ᠲᠡᠶ ᠬᠤᠯᠪᠣᠭ᠎ᠠ ᠲᠡᠶ ᠪᠠᠷ ᠪᠠᠷᠠᠬᠤ ᠦᠭᠡᠶ ᠵᠢᠮ᠎ᠠ ᠶᠤᠰᠤ ᠰᠢᠭ ᠭᠦᠮᠤᠨ ᠤ ᠨᠢᠳᠤᠨ ᠳᠤ ᠥᠵᠡᠭ᠍ᠳᠡᠵᠤ ᠭᠠᠷ ᠲᠤ ᠪᠠᠷᠢᠭᠳᠠᠳᠠᠭ ᠦᠭᠡᠶ ᠪᠣᠰᠤᠳᠴᠢ ᠣᠷᠤᠰᠢᠬᠤᠢ ᠮᠦᠨ᠃ ᠡᠨᠡ ᠨᠢ ᠵᠥᠪᠭᠡᠨ ᠭᠦᠮᠦᠰ ᠤᠨ ᠰᠡᠳᠭᠢᠭᠦᠢ ᠶᠢᠨ ᠥᠢᠯᠡᠳᠦᠯᠭᠡ ᠪᠠᠷ ᠳᠠᠮᠵᠢᠨ ᠰᠠ‍‌ᠶᠢ ᠢᠯᠡᠷᠡᠭᠦᠯᠳᠡᠭ᠌ ᠣᠴᠢᠷ ᠲᠡᠶ᠃ ᠡᠨᠡᠭᠦ ᠴᠢᠭ᠌ ᠢ ᠢᠯᠡᠷᠡᠭᠦᠯᠭᠦ ᠨᠢ ᠦᠨᠡᠨᠳᠡᠭᠡᠨ ᠮᠦᠨᠴᠤ ᠨᠢᠭᠡ ᠵᠣᠢ᠌ᠯ ᠤᠨ ᠰᠢᠨ᠎ᠡ ᠶᠢ ᠡᠭᠦᠳᠭᠦ ᠶᠠᠪᠣᠴᠠ ᠮᠦᠨ᠃ ᠳᠠᠷᠠ ᠨᠢ ᠰᠢᠨ᠎ᠡ ᠮᠡᠳᠡᠯᠭᠡ ᠶᠢᠨ ᠳᠤᠤᠷ ᠳᠡᠭᠡᠷ᠎ᠡ ᠰᠤᠷᠤᠭᠴᠢᠳ ᠤᠨ ᠰᠡᠳᠭᠢᠭᠦᠢ ᠶᠢ ᠳᠠᠷᠬᠠᠭᠠᠨ ᠪᠠᠯᠴᠢᠭᠡᠷᠯᠡᠭᠦᠯᠵᠤ ᠰᠤᠷᠤᠭᠴᠢᠳ ᠢ ᠳᠠᠷᠢᠭᠢ ᠭᠦᠳᠡᠯᠭᠡᠯᠭᠡᠵᠤ᠂ ᠪᠣᠯᠬᠤ ᠪᠣᠯᠤᠯᠴᠠᠭ᠎ᠠ ᠲᠡᠶ ᠯᠠ ᠪᠣᠯᠬᠤ ᠰᠢᠨ᠎ᠡ᠂ ᠣᠯᠠᠨ᠂ ᠳᠤᠰᠠᠭᠠᠷ ᠡᠭᠦᠳᠦᠭ᠍ᠰᠡᠨ᠂ ᠣᠷᠢᠳ ᠡᠮᠤᠨ᠎ᠡ ᠪᠠᠢ᠌ᠭ᠎ᠠ ᠦᠭᠡᠶ ᠳᠠᠭᠠᠮᠠᠭᠯᠠᠯ᠂ ᠰᠢ᠌ᠳᠪᠦᠷᠢᠯᠡᠭᠦ ᠠᠷᠭ᠎ᠠ᠂ ᠰᠡᠳᠭᠢᠭᠦ ᠵᠠᠮ ᠵᠢᠴᠢ ᠣᠯᠠᠨ ᠵᠣᠢ᠌ᠯ ᠤᠨ ᠪᠣᠯᠤᠯᠴᠠᠭᠠᠳᠤ ᠴᠢᠨᠠᠷ ᠢ ᠡᠷᠢᠵᠤ ᠭᠠᠷᠭᠠᠯᠭᠠᠳᠠᠭ᠃ ᠡᠭᠦᠨ ᠤ ᠳᠠᠭᠠᠤ ᠳᠤ ᠰᠤᠷᠤᠭᠴᠢ ᠶᠢᠨ ᠡᠭᠦᠳᠤᠨ ᠪᠦᠳᠦᠭᠡᠭᠦ ᠰᠡᠳᠭᠢᠭᠦᠢ ᠭᠦᠮᠦᠵᠢᠭ᠍ᠳᠡᠳᠡᠭ᠌᠃ ᠡᠢ᠌ᠮᠤ ᠡᠴᠠ ᠭᠢᠴᠢᠶᠠᠯ ᠳᠠᠩᠭᠢᠮ ᠤᠨ ᠵᠢᠭᠠᠨ ᠰᠤᠷᠭᠠᠯᠳᠠ ᠳᠤ ᠵᠠᠳᠠᠷᠠᠭᠤᠯᠬᠤ ᠴᠢᠨᠠᠷᠳᠤ ᠠᠰᠠᠭᠤᠯᠳᠠ ᠶᠢᠨ ᠠᠭᠤᠯᠭ᠎ᠠ ᠶᠢ ᠨᠡᠮᠡᠭ᠍ᠳᠡᠭᠦᠯᠵᠤ᠂ ᠨᠡᠭᠡᠭᠡᠯᠳᠤ ᠴᠢᠨᠠᠷ ᠲᠡᠶ᠂ ᠡᠭᠦᠳᠤᠨ ᠪᠦᠳᠦᠭᠡᠯᠳᠤ ᠴᠢᠨᠠᠷ ᠲᠡᠶ ᠠᠰᠠᠭᠤᠳᠠᠯ ᠤᠨ ᠣᠷᠴᠢᠨ ᠪᠠᠢ᠌ᠳᠠᠯ ᠢ ᠲᠦᠰᠤᠪᠯᠠᠨ ᠵᠤᠬᠢᠶᠠᠵᠤ᠂ ᠰᠤᠷᠤᠭᠴᠢᠳ ᠲᠤ ᠵᠤᠭᠢᠬᠤ ᠮᠠᠲ᠋ᠸᠷᠢᠶᠠᠯ᠂ ᠨᠥᠭᠦᠴᠡᠯ᠂ ᠴᠠᠭ᠂ ᠣᠷᠤᠨ ᠵᠠᠢ ᠶᠢ ᠥᠭ᠍ᠴᠤ᠂ ᠰᠤᠷᠤᠭᠴᠢᠳ ᠥᠪᠠᠷᠳᠡᠭᠡᠨ ᠢᠳᠠᠪᠭᠢᠳᠠᠢ ᠭᠦᠳᠡᠯᠦᠩᠭᠦᠢ ᠪᠠᠷ ᠣᠴᠢᠵᠤ ᠰᠡᠵᠢᠭᠯᠡᠵᠤ ᠰᠠᠳᠭᠢᠨ ᠬᠠᠢ᠌ᠨ ᠰᠥᠪᠠᠭ᠍ᠴᠢᠯᠡᠯᠳᠡ ᠭᠢᠵᠤ᠂ ᠰᠢᠨ᠎ᠡ ᠶᠢ ᠢᠯᠡᠷᠡᠭᠦᠯᠤᠨ ᠡᠭᠦᠳᠤᠨ ᠪᠦᠳᠦᠭᠡᠵᠤ᠂ ᠬᠠᠮᠤᠭ ᠡᠴᠦᠰ ᠲᠤ ᠰᠢᠨ᠎ᠡ ᠮᠡᠳᠡᠯᠭᠡ ᠶᠢ ᠣᠯᠳᠠᠭ᠃ ᠡᠨᠡᠭᠦ ᠶᠠᠪᠣᠴᠠ ᠳᠤ ᠰᠤᠷᠤᠭᠴᠢᠳ ᠠᠰᠠᠭᠤᠳᠠᠯ ᠳᠤᠷᠠᠳᠬᠤ ᠪᠦᠭᠡᠳ ᠠᠰᠠᠭᠤᠳᠠᠯ ᠢ ᠢᠯᠡᠷᠡᠭᠦᠯᠳᠡᠭ᠌᠃ ᠣᠠᠴᠤᠭᠣᠢ᠌ᠯᠠᠨ ᠡᠭᠦᠳᠤᠨ ᠪᠦᠳᠦᠭᠡᠭᠦ ᠡᠷᠡᠮᠡᠯᠵᠢᠯᠡᠯ ᠢ ᠡᠭᠦᠰᠭᠡᠭᠦ ᠪᠠ ᠪᠣᠳᠠᠳᠠᠢ ᠠᠭᠤᠯᠭ᠎ᠠ ᠶᠢᠨ ᠡᠭᠦᠳᠡᠨ ᠡᠴᠠ ᠡᠭᠦᠳᠤᠨ ᠪᠦᠳᠦᠭᠡᠭᠦ ᠴᠢᠨᠠᠷ ᠲᠡᠶ ᠠᠰᠠᠭᠤᠳᠠᠯ ᠢ ᠳᠤᠷᠠᠳᠤᠨ ᠭᠠᠷᠭᠠᠬᠤ ᠶᠢ ᠰᠤᠷᠳᠠᠭ᠃ ᠢᠩᠭᠢᠵᠤ ᠰᠤᠷᠤᠭᠴᠢᠳ ᠢ ᠣᠷᠮᠠᠰᠢᠭᠤᠯᠤᠨ ᠰᠡᠳᠭᠢᠭᠦᠢ ᠶᠢ ᠨᠢ ᠴᠢᠭ᠌ ᠤᠨ ᠳᠤᠭᠤᠷᠢᠨ ᠳᠤ ᠡᠷᠭᠡ ᠴᠢᠯᠦᠭᠡ ᠲᠡᠶ ᠵᠠᠳᠠᠷᠠᠭᠤᠯᠤᠨ ᠡᠭᠦᠳᠤᠨ ᠪᠦᠳᠦᠭᠡᠭᠦ ᠰᠡᠳᠬᠢᠯᠭᠡ ᠶᠢ ᠨᠢ ᠭᠦᠭ᠍ᠵᠢᠭᠡᠵᠤ ᠵᠢᠭᠠᠪᠠᠯ ᠵᠢᠭᠠᠨ ᠰᠤᠷᠭᠠᠬᠤ ᠦᠷ᠎ᠡ ᠠᠰᠢᠭ ᠭᠠᠢ᠌ᠬᠠᠮ᠎ᠠ ᠦᠨᠳᠦᠷ ᠪᠠᠢ᠌ᠬᠤ ᠶᠢ ᠠᠩᠬᠠᠷᠠᠭᠤᠰᠢᠳᠠᠢ ᠪᠠᠢ᠌ᠨ᠎ᠠ᠃ ᠡᠢ᠌ᠮᠤ ᠡᠴᠠ ᠨᠢᠭᠡ ᠰᠠᠢ᠌ᠨ ᠰᠡᠳᠭᠢᠭᠦᠢ ᠶᠢ ᠵᠠᠳᠠᠷᠠᠭᠤᠯᠬᠤ ᠴᠢᠭ᠌ ᠨᠢ ᠰᠤᠷᠤᠭᠴᠢᠳ ᠤᠨ ᠳᠠᠩ ᠴᠤᠯᠭᠠᠢ ᠬᠠᠭᠤᠴᠢᠨ ᠮᠡᠳᠡᠯᠭᠡ ᠪᠠ ᠪᠠᠭᠰᠢ ᠶᠢᠨ ᠲᠦᠯᠤᠪᠯᠠᠨ ᠵᠢᠷᠤᠮᠰᠢᠭᠰᠠᠨ ᠰᠡᠳᠭᠢᠭᠦᠢ ᠶᠢᠨ ᠵᠠᠮ ᠳᠡᠭᠡᠷ᠎ᠡ ᠳᠦᠭᠡᠷᠢᠭ᠍ᠰᠡᠨ ᠰᠤᠷᠤᠭᠴᠢᠳ ᠤᠨ ᠭᠡᠪᠰᠢᠮᠡᠯ ᠰᠡᠳᠭᠢᠭᠦᠢ ᠶᠢᠨ ᠳᠠᠭᠤᠷᠢᠶᠠᠮᠠᠯ ᠴᠢᠨᠠᠷ ᠢ ᠨᠢ ᠥᠭᠡᠢ᠌ᠰᠭᠡᠵᠤ ᠰᠢᠨ᠎ᠡ ᠰᠤᠨᠢᠨ ᠮᠡᠳᠡᠯᠭᠡ ᠶᠢ ᠭᠦᠭᠡᠭᠡᠴᠡᠯᠳᠦᠭᠦ ᠰᠤᠨᠢᠭᠤᠴᠢ ᠰᠡᠳᠬᠢᠯᠭᠡ ᠶᠢ ᠨᠢ ᠦᠷᠨᠢᠭᠦᠯᠤᠨ ᠭᠢᠴᠢᠶᠠᠯ ᠤᠨ ᠳᠠᠩᠭᠢᠮ ᠳᠤ ᠭᠤᠤᠯ ᠴᠤᠭᠴᠠ ᠪᠣᠯᠬᠤ ᠣᠢ᠌ᠯᠠᠳᠤᠯ ᠢ ᠨᠢ ᠪᠦᠷᠢᠮᠦᠰᠤᠨ ᠪᠠᠳᠠᠷᠠᠭᠤᠯᠳᠠᠭ ᠪᠠᠢ᠌ᠨ᠎ᠠ᠃ ᠭᠡᠪᠠᠴᠤ ᠨᠢᠭᠡ ᠰᠠᠢ᠌ᠨ ᠰᠡᠳᠭᠢᠭᠦᠢ ᠶᠢ ᠵᠠᠳᠠᠷᠠᠭᠤᠯᠬᠤ ᠴᠢᠭ᠌ ᠢ ᠣᠯᠬᠤ ᠭᠡᠭ᠍ᠴᠢ ᠳᠠᠢ᠌ᠮᠤ ᠭᠢᠯᠪᠠᠷ ᠭᠡᠷᠡᠭ᠌ ᠪᠢᠰᠢ᠂ ᠵᠠᠪᠠᠯ ᠰᠤᠷᠤᠭᠴᠢᠳ ᠤᠨ ᠰᠡᠳᠭᠢᠭᠦᠢ ᠶᠢᠨ ᠵᠢᠮ᠎ᠠ ᠪᠠ ᠰᠡᠳᠭᠢᠭᠦᠢ ᠶᠢᠨ ᠣᠠᠴᠠᠯᠢᠭ ᠢ ᠪᠦᠷᠢᠨ ᠭᠦᠢᠴᠡᠳ ᠨᠠᠷᠢᠨ ᠨᠢᠭᠳᠠ ᠪᠡᠯᠡᠳᠭᠡᠨ ᠰᠤᠳᠤᠯᠵᠤ᠂ ᠰᠤᠷᠤᠭᠴᠢᠳ ᠤᠨ ᠰᠡᠳᠭᠢᠭᠦᠢ ᠴᠤᠬᠤᠮ ᠶᠠᠮᠠᠷ ᠭᠡᠪᠴᠢᠶᠡᠨ ᠳᠤ ᠶᠠᠮᠠᠷ ᠵᠥᠭ᠌ ᠳᠠᠰᠢ ᠶᠠᠭᠠᠭᠢᠵᠤ ᠶᠠᠮᠠᠷ ᠵᠡᠷᠭᠡ ᠵᠠᠳᠠᠷᠠᠬᠤ ᠶᠢ ᠣᠷᠢᠳᠴᠢᠯᠠᠨ ᠲᠦᠰᠤᠪᠯᠠᠨ ᠪᠡᠯᠡᠳᠭᠡᠭᠦ ᠭᠡᠷᠡᠭ᠍ᠳᠡᠢ᠃ ᠭᠡᠷᠪᠡ ᠰᠤᠷᠤᠭᠴᠢᠳ ᠤᠨ ᠰᠡᠳᠭᠢᠭᠦᠢ ᠳᠤᠭᠳᠠᠭᠰᠠᠨ ᠴᠢᠭ᠌ ᠪᠣᠶᠤ ᠵᠤᠭᠢᠬᠤ ᠮᠡᠳᠡᠯᠭᠡ ᠶᠢᠨ ᠳᠤᠭᠤᠷᠢᠨ ᠳᠤ ᠵᠠᠳᠠᠷᠠᠬᠤ ᠦᠭᠡᠶ ᠪᠣᠯ ᠵᠢᠭᠠᠨ ᠰᠤᠷᠭᠠᠬᠤ ᠭᠦᠳᠡᠯᠭᠡᠭᠡᠨ ᠨᠢ ᠯᠤᠭᠢᠭ ᠲᠤ ᠦᠯᠦ ᠨᠡᠢ᠌ᠴᠡᠭᠦ ᠵᠥᠭ᠌ ᠴᠢᠭ᠌ ᠦᠭᠡᠶ ᠬᠤᠷᠸ᠎ᠠ ᠳᠤ ᠦᠭᠡᠶ ᠬᠠᠴᠢᠨ ᠪᠣᠳᠤᠯ ᠪᠣᠯᠵᠤ᠂ ᠰᠤᠷᠤᠭᠴᠢᠳ ᠭᠡᠢ ᠭᠦᠰᠡᠯ ᠤᠨ ᠭᠡᠢ᠌ᠷᠭᠡᠤ ᠪᠣᠳᠤᠯ ᠳᠤᠳᠤᠷ᠎ᠠ ᠣᠮᠪᠠᠵᠤ ᠭᠢᠴᠢᠶᠠᠯ ᠤᠨ ᠴᠠᠭ ᠢ ᠳᠠᠯᠭᠠᠷ ᠰᠥᠢᠳᠭᠡᠨ ᠰᠤᠷᠤᠭᠴᠢᠳ ᠤᠨ ᠡᠭᠦᠳᠤᠨ ᠪᠦᠳᠦᠭᠡᠭᠦ ᠰᠡᠳᠭᠢᠭᠦᠢ ᠶᠢ ᠭᠦᠮᠦᠵᠢᠭᠦᠯᠭᠦ ᠵᠤᠷᠢᠯᠭ᠎ᠠ ᠳᠤ ᠪᠠᠨ ᠭᠦᠷᠴᠤ ᠳᠡᠢ᠌ᠯᠭᠦ ᠦᠭᠡᠶ ᠪᠠᠷ ᠦᠯᠦ ᠪᠠᠷᠠᠨ ᠪᠦᠭᠦ ᠭᠢᠴᠢᠶᠠᠯ ᠤᠨ ᠦᠷ᠎ᠡ ᠠᠰᠢᠭ ᠢ ᠨᠥᠯᠦᠭᠡᠯᠡᠭᠦ ᠪᠣᠯᠤᠨ᠎ᠠ᠃

ᠭᠢᠴᠢᠶᠠᠯ ᠤᠨ ᠳᠠᠩᠭᠢᠮ ᠤᠨ ᠵᠢᠭᠠᠨ ᠰᠤᠷᠭᠠᠯᠳᠠ ᠳᠤ᠂ ᠪᠣᠳᠠᠳᠠᠢ ᠠᠰᠠᠭᠤᠳᠠᠯ ᠢ ᠪᠣᠳᠠᠳᠠᠢ ᠪᠠᠷ ᠵᠠᠳᠠᠯᠵᠤ ᠰᠤᠷᠤᠭᠴᠢᠳ ᠤᠨ ᠠᠰᠠᠭᠤᠳᠠᠯ ᠢ ᠪᠣᠳᠤᠯᠭᠢᠯᠠᠬᠤ ᠰᠡᠳᠭᠢᠭᠦᠢ ᠶᠢ ᠨᠢ ᠵᠠᠳᠠᠷᠠᠭᠤᠯᠬᠤ ᠳᠤ ᠨᠢᠭᠡ ᠡᠴᠠ ᠣᠯᠠᠨ ᠢ ᠡᠳᠤᠨ ᠣᠬᠤᠴᠢᠯᠠᠬᠤ ᠠᠷᠭ᠎ᠠ ᠶᠢ ᠭᠡᠷᠡᠭᠯᠡᠵᠤ ᠪᠣᠯᠤᠨ᠎ᠠ᠃ ᠳᠠᠷᠤᠢ ᠨᠢᠭᠡ ᠰᠠᠳᠤᠪ ᠢ ᠣᠯᠠᠨ ᠶᠠᠩᠵᠤ ᠪᠠᠷ ᠪᠣᠳᠤᠬᠤ ᠨᠢᠭᠡ ᠠᠰᠠᠭᠤᠳᠠᠯ ᠢ ᠣᠯᠠᠨ ᠶᠠᠩᠵᠤ ᠪᠠᠷ ᠬᠤᠪᠢᠷᠠᠭᠤᠯᠬᠤ ᠨᠢᠭᠡ ᠠᠰᠠᠭᠤᠳᠠᠯ ᠡᠴᠠ ᠣᠯᠠᠨ ᠠᠰᠠᠭᠤᠳᠠᠯ ᠢ ᠣᠬᠤᠴᠢᠯᠠᠬᠤ ᠨᠢᠭᠡ ᠰᠢᠵᠢᠮ ᠡᠴᠠ ᠣᠯᠠᠨ ᠰᠥᠪᠠᠭ᠍ᠴᠢ ᠢᠯᠡᠷᠡᠭᠦᠯᠭᠦ ᠨᠢᠭᠡ ᠰᠠᠳᠤᠪ ᠢ ᠣᠯᠠᠨ ᠳᠠᠯ᠎ᠠ ᠪᠠᠷ ᠰᠢᠡᠵᠢᠯᠡᠭᠦ ᠵᠡᠷᠭᠡ ᠠᠷᠭ᠎ᠠ ᠶᠢ ᠭᠡᠷᠡᠭᠯᠡᠵᠤ ᠪᠣᠯᠤᠨ᠎ᠠ᠃ ᠢᠩᠭᠢᠵᠤ ᠨᠢᠭᠡ ᠴᠢᠭ᠌ ᠲᠡᠶ ᠬᠤᠯᠪᠣᠭ᠎ᠠ ᠪᠦᠭᠦᠢ ᠣᠯᠠᠨ ᠮᠡᠳᠡᠯᠭᠡ ᠶᠢ ᠬᠠᠢ᠌ᠨ ᠰᠥᠪᠠᠭ᠍ᠴᠢᠯᠡᠭᠦ ᠪᠠᠷ ᠳᠠᠮᠵᠢᠨ ᠰᠤᠷᠤᠭᠴᠢᠳ ᠢ ᠰᠠᠨᠠᠭᠠᠨ ᠳᠤᠷ᠎ᠠ ᠪᠠᠷ ᠶᠢᠡᠨ ᠰᠠᠳᠭᠢᠴᠠ ᠪᠠᠨ ᠳᠡᠯᠭᠡᠵᠤ ᠴᠢᠯᠦᠭᠡᠳᠡᠢ ᠬᠤᠯᠪᠤᠨ ᠪᠣᠳᠤᠯᠳᠠ ᠭᠢᠭᠦ ᠳᠠᠳᠬᠠᠯ ᠲᠡᠶ ᠪᠣᠯᠭᠠᠬᠤ ᠭᠡᠷᠡᠭ᠍ᠳᠡᠢ᠃ ᠡᠨᠡ ᠪᠣᠯ ᠣᠳᠤᠭᠢ ᠰᠤᠷᠭᠠᠨ ᠭᠦᠮᠦᠵᠢᠯ ᠤᠨ ᠴᠢᠬᠤᠯᠠᠴᠢᠯᠠᠵᠤ ᠪᠠᠢ᠌ᠭ᠎ᠠ 《ᠪᠠᠭᠰᠢ ᠪᠠᠷ ᠭᠤᠤᠯ ᠣᠳᠤᠷᠢᠳᠤᠮᠵᠢ ᠪᠣᠯᠭᠠᠨ ᠰᠤᠷᠤᠭᠴᠢ ᠪᠠᠷ ᠭᠤᠤᠯ ᠴᠤᠭᠴᠠ ᠪᠣᠯᠭᠠᠬᠤ》 ᠵᠢᠭᠠᠨ ᠰᠤᠷᠭᠠᠬᠤ ᠵᠠᠷᠴᠢᠮ ᠤᠨ ᠪᠣᠳᠠᠳᠠᠢ᠌ᠵᠢᠭᠤᠯᠤᠯ ᠮᠦᠨ᠃ ᠭᠡᠳᠡᠯ᠎ᠡ ᠭᠢᠴᠢᠶᠠᠯ ᠤᠨ ᠳᠠᠩᠭᠢᠮ ᠳᠤ ᠰᠤᠷᠤᠭᠴᠢᠳ ᠤᠨ ᠰᠡᠳᠭᠢᠭᠦᠢ ᠶᠢ ᠴᠢᠯᠦᠭᠡᠳᠡᠢ ᠵᠠᠳᠠᠷᠠᠭᠤᠯᠬᠤ ᠳᠤ ᠭᠢᠴᠢᠶᠠᠯ ᠳᠡᠭᠡᠷᠡᠭᠢ ᠪᠠᠭᠰᠢ ᠶᠢᠨ ᠰᠤᠷᠤᠠᠭᠴᠢᠳ ᠲᠤ ᠠᠪᠬᠤ ᠣᠪᠣᠷ ᠢ ᠠᠩᠬᠠᠷᠤᠯ ᠳᠤ ᠪᠠᠨ ᠠᠪᠬᠤ ᠴᠢᠬᠤᠯᠠ ᠲᠡᠶ ᠪᠠᠢ᠌ᠨ᠎ᠠ᠃ ᠣᠴᠢᠷ ᠨᠢ ᠰᠤᠷᠤᠭᠴᠢᠳ ᠤᠨ ᠰᠡᠳᠭᠢᠭᠦᠢ ᠶᠢᠨ ᠭᠦᠳᠡᠯᠭᠡᠭᠡᠨ ᠭᠠᠳᠠᠭᠠᠳᠤ ᠶ‍ᠢᠷᠳᠢᠠᠴᠤ ᠶᠢᠨ ᠨᠥᠯᠦᠭᠡ ᠶᠢ ᠭᠦᠷᠳᠡᠨ ᠰᠡᠳᠭᠢᠯ ᠤᠨ ᠳᠡᠭᠡᠭᠡᠷ᠎ᠡ ᠳᠠᠷᠤᠭᠠᠰᠤ ᠪᠣᠯᠬᠤ ᠦᠶᠡᠰ᠂ ᠰᠤᠷᠤᠭᠴᠢ ᠶᠢᠨ ᠰᠠᠶ‍ᠢᠬᠠᠨ ᠭᠦᠪᠦᠷᠡᠭ᠍ᠰᠡᠨ ᠬᠠᠴᠢᠷᠬᠠᠨ ᠰᠤᠨᠢᠷᠬᠠᠬᠤ ᠪᠣᠳᠤᠯ ᠨᠢ ᠦᠯᠦ ᠮᠡᠳᠡᠭ᠌ ᠶᠢᠡᠷ ᠪᠣᠭᠤᠮᠢᠯᠠᠭᠳᠠᠨ ᠳᠠᠷᠤᠭᠳᠠᠳᠠᠭ᠃ ᠡᠢ᠌ᠮᠤ ᠪᠠᠢ᠌ᠳᠠᠯ ᠡᠭᠦᠰᠭᠦ ᠳᠤ ᠭᠦᠷᠪᠠᠯ ᠦᠪᠡᠷ ᠤᠨ ᠡᠷᠭᠡ ᠦᠭᠡᠶ ᠰᠤᠷᠤᠭᠴᠢ ᠤᠨ ᠰᠡᠳᠭᠢᠭᠦᠢ ᠶᠢᠨ ᠪᠣᠳᠠᠷᠠᠨ ᠵᠠᠳᠠᠷᠠᠬᠤ ᠶᠢ ᠬᠠᠷᠰᠢᠯᠠᠳᠠᠭ᠃ ᠡᠢ᠌ᠮᠤ ᠡᠴᠠ ᠵᠢᠭᠠᠨ ᠰᠤᠷᠭᠠᠯᠳᠠ ᠳᠤ ᠭᠡᠷᠡᠭᠯᠡᠭᠦ ᠵᠢᠭᠠᠨ ᠰᠤᠷᠭᠠᠬᠤ ᠠᠷᠭ᠎ᠠ ᠪᠠᠷᠢᠯ ᠵᠠᠪᠠᠯ ᠳᠤᠭᠢᠷᠠᠮᠵᠢᠳᠠᠢ ᠪᠠᠢ᠌ᠵᠤ ᠰᠢᠭᠦᠮᠵᠢᠯᠡᠭᠦ ᠦᠭᠡᠶ ᠵᠤᠷᠢᠭᠵᠢᠭᠤᠯᠵᠤ᠂ ᠣᠳᠤᠷᠢᠳᠬᠤ ᠶᠢᠨ ᠬᠠᠮᠳᠤ ᠭᠦᠭ᠍ᠵᠢᠭᠦᠯᠵᠤ᠂ ᠪᠠᠭᠰᠢ ᠪᠣᠯᠤᠭᠰᠠᠤᠨ ᠵᠠᠪᠠᠯ ᠰᠤᠷᠤᠭᠴᠢᠳ ᠤᠨ ᠬᠠᠮᠤᠭ ᠤᠢ᠌ᠷ᠎ᠡ᠂ ᠬᠠᠮᠤᠭ ᠰᠢᠨ᠎ᠡ ᠰᠤᠷᠭᠤᠭ ᠰᠡᠳᠭᠢᠭᠦ ᠣᠷᠴᠢᠨ ᠳᠤ ᠤᠢ᠌ᠷᠠᠳᠤᠬᠤ ᠪᠠᠷ ᠪᠠᠷᠠᠬᠤ ᠦᠭᠡᠶ ᠵᠢᠭᠠᠨ ᠰᠤᠷᠭᠠᠬᠤ ᠠᠷᠭ᠎ᠠ ᠶᠢᠨ ᠭᠡᠷᠡᠭᠯᠡᠯᠳᠡ ᠴᠤ ᠣᠷᠠᠨ ᠣᠷᠠᠯᠢᠭ᠂ ᠡᠮᠭᠢ ᠳᠠᠷᠠᠭ᠎ᠠ ᠲᠡᠶ᠂ ᠭᠤᠴᠤ ᠠᠮᠢᠳᠤᠯᠢᠭ᠂ ᠰᠡᠩᠭᠡᠷᠡᠭᠦᠯᠭᠦ ᠴᠢᠨᠠᠷ ᠲᠡᠶ ᠮᠦᠷᠳᠡᠭᠡᠨ ᠡᠭᠦᠳᠤᠨ ᠪᠦᠳᠦᠭᠡᠯᠴᠢ ᠪᠠᠢ᠌ᠬᠤ ᠭᠡᠷᠡᠭ᠍ᠳᠡᠢ᠃ ᠡᠨᠡ ᠨᠢ ᠪᠠᠭᠰᠢ ᠶᠢᠨ ᠣᠳᠤᠷᠢᠳᠤᠮᠵᠢ ᠶᠢᠨ ᠣᠢ᠌ᠯᠠᠳᠤᠯ ᠢ ᠭᠡᠷᠭᠢᠨ ᠪᠠᠳᠠᠷᠠᠭᠤᠯᠬᠤ ᠲᠡᠶ ᠰᠢᠭᠤᠳ ᠬᠤᠯᠪᠣᠭᠳᠠᠨ᠎ᠠ᠃ ᠭᠡᠯᠡᠯᠭᠡᠨ ᠦᠭᠡᠶ᠂ ᠰᠤᠷᠤᠭᠴᠢ ᠶᠢᠨ ᠮᠡᠳᠡᠯᠭᠡ ᠶᠢᠨ ᠭᠢᠷᠢ ᠭᠡᠮᠵᠢᠶ᠎ᠡ ᠠᠳᠠᠯᠢ ᠪᠣᠰᠤ ᠡᠴᠠ ᠪᠣᠯᠵᠤ ᠰᠡᠳᠭᠢᠭᠦᠢ ᠶᠢᠨ ᠵᠠᠳᠠᠷᠠᠨ ᠪᠣᠳᠠᠷᠠᠬᠤ ᠶᠠᠪᠣᠴᠠ ᠳᠤ ᠡᠭᠦᠳᠤᠨ ᠪᠦᠳᠦᠭᠡᠭᠦ ᠨᠢᠭᠡ ᠳᠠᠯ᠎ᠠ ᠪᠠᠢ᠌ᠨ᠎ᠠ ᠭᠡᠭᠦ ᠳᠤ ᠪᠠᠰᠠ ᠵᠦᠪ ᠪᠣᠰᠤ ᠳᠠᠨᠢᠯᠳᠠ ᠴᠤ ᠮᠤᠩ ᠦᠭᠡᠶ ᠣᠯᠠᠨ ᠪᠠᠢ᠌ᠳᠠᠭ᠃ ᠡᠭᠦᠨ ᠳᠤ ᠪᠠᠭᠰᠢ ᠪᠣᠯᠤᠭᠰᠠᠤᠨ ᠠᠭᠤᠷᠯᠠᠵᠤ ᠪᠠᠴᠢᠮᠳᠠᠭᠰᠠᠨ ᠤ ᠭᠡᠷᠡᠭ᠌ ᠦᠭᠡᠶ᠂ ᠰᠤᠷᠤᠭᠴᠢᠳ ᠵᠥᠪᠭᠡᠨ ᠥᠭᠡᠷ᠎ᠡ ᠨᠢᠭᠡ ᠰᠡᠳᠭᠢᠭᠦ ᠵᠠᠮ ᠶᠢᠡᠷ ᠠᠰᠠᠭᠤᠳᠠᠯ ᠳᠤ ᠬᠠᠢ᠌ᠨ ᠰᠥᠪᠠᠭ᠍ᠴᠢᠯᠡᠯᠳᠡ ᠭᠢᠭᠡᠳ ᠦᠪᠡᠷ ᠤᠨ ᠭᠡᠰᠡᠨ ᠦᠵᠡᠯᠳᠠ ᠳᠤᠷᠠᠳᠤᠭᠰᠠᠨ ᠪᠣᠯ ᠪᠣᠯᠴᠢᠬᠠᠨ᠎ᠠ᠃ ᠡᠢ᠌ᠮᠤ ᠪᠠᠢ᠌ᠳᠠᠯ ᠳᠤ ᠢᠳᠬᠠᠨ ᠵᠤᠷᠢᠭᠵᠢᠭᠤᠯᠵᠤ᠂ ᠠᠭᠤᠴᠢᠯᠠᠨ ᠭᠦᠭ᠍ᠵᠢᠭᠦᠯᠭᠦ ᠣᠪᠣᠷ ᠶᠢᠡᠷ ᠬᠠᠠᠳᠤᠪᠠᠯ ᠵᠤᠭᠢᠨ᠎ᠠ᠃ ᠰᠤᠷᠤᠭᠴᠢ ᠢᠩᠭᠢᠵᠤ ᠥᠭᠡᠷ᠎ᠡ ᠨᠢᠭᠡ ᠰᠡᠳᠭᠢᠭᠦ ᠵᠠᠮ ᠶᠢᠡᠷ ᠰᠠᠳᠭᠢᠵᠤ ᠥᠭᠡᠷ᠎ᠡ ᠨᠢᠭᠡ ᠠᠷᠭ᠎ᠠ ᠶᠢ ᠡᠷᠢᠵᠤ ᠰᠥᠪᠠᠭ᠍ᠴᠢᠯᠡᠵᠤ ᠴᠢᠳᠠᠵᠤ ᠪᠠᠢ᠌ᠪᠠᠯ ᠪᠣᠷᠤᠭᠤ ᠳ᠋ᠦ᠋ᠩᠨᠡᠯᠲᠡ ᠭᠠᠷᠭᠠᠭᠰᠠᠨ ᠴᠤ ᠶᠠᠭᠠᠭᠢᠬᠤᠪ᠂ ᠳᠠᠷᠤᠢ ᠳᠠᠪᠰᠢᠯᠳᠠ ᠮᠦᠨ᠃ ᠣᠴᠢᠷ ᠨᠢ ᠰᠤᠷᠤᠭᠴᠢᠳ ᠡᠭᠦᠳᠤᠨ ᠪᠦᠳᠦᠭᠡᠭᠦ ᠰᠡᠳᠭᠢᠭᠦᠢ ᠪᠠᠨ ᠭᠦᠮᠦᠵᠢᠭᠦᠯᠭᠦ ᠠᠩᠬᠠᠨ ᠤ ᠠᠯᠬᠤᠮ ᠢ ᠠᠯᠬᠤᠵᠤ ᠴᠢᠳᠠᠭᠰᠠᠨ ᠳᠤ ᠣᠷᠤᠰᠢᠨ᠎ᠠ᠃ ᠡᠢ᠌ᠮᠤ ᠦᠶᠡᠰ ᠪᠠᠭᠰᠢ ᠡᠴᠠ ᠵᠦᠪ ᠬᠠᠷᠢᠭᠤᠯᠳᠠ ᠶᠢ ᠲᠤᠢ᠌ᠯ ᠤᠨ ᠣᠷᠠᠨ ᠳᠡᠮᠯᠢᠭ᠌ ᠶᠢᠡᠷ ᠰᠤᠷᠤᠭᠴᠢᠳ ᠤᠨ ᠡᠮᠦᠨ᠎ᠡ ᠳᠡᠯᠭᠡᠭᠦ ᠭᠡᠷᠡᠭ᠍ᠳᠡᠢ᠃ ᠰᠤᠷᠤᠭᠴᠢᠳ ᠬᠠᠷᠢᠴᠠᠭᠤᠯᠬᠤ ᠪᠠᠷ ᠳᠠᠮᠵᠢᠨ ᠦᠪᠡᠷ ᠤᠨ ᠪᠣᠷᠤᠭᠤ ᠪᠠᠨ ᠥᠪᠠᠷᠳᠡᠭᠡᠨ ᠢᠯᠡᠷᠡᠭᠦᠯᠳᠡᠭ᠌᠃ ᠢᠩᠭᠢᠵᠤ ᠦᠪᠡᠷ ᠤᠨ ᠪᠣᠷᠤᠭᠤ ᠪᠠᠨ ᠥᠪᠠᠷᠳᠡᠭᠡᠨ ᠢᠯᠡᠷᠡᠭᠦᠯᠭᠦ ᠪᠣᠯ ᠪᠠᠰᠠ ᠴᠤ ᠨᠢᠭᠡ ᠵᠣᠢ᠌ᠯ ᠤᠨ ᠡᠭᠦᠳᠤᠨ ᠪᠦᠳᠦᠭᠡᠭᠦ ᠰᠡᠳᠭᠢᠭᠦᠢ ᠶᠢᠨ ᠶᠠᠪᠣᠴᠠ ᠭᠡᠵᠤ ᠭᠡᠯᠡᠵᠤ ᠪᠤᠯᠬᠤ ᠶᠤᠮ᠃

ᠶᠡᠷᠦᠩᠭᠡᠢ᠌ᠯᠡᠭᠡᠳ ᠭᠡᠯᠡᠪᠠᠯ᠂ ᠣᠳᠤ ᠶᠢᠨ ᠰᠤᠷᠭᠠᠨ ᠭᠦᠮᠦᠵᠢᠯ ᠳᠤ ᠰᠤᠷᠤᠭᠴᠢᠳ ᠤᠨ ᠰᠢᠨ᠎ᠡ ᠶᠢ ᠡᠭᠦᠳᠭᠦ ᠰᠡᠳᠭᠢᠭᠦᠢ ᠵᠢᠴᠢ ᠰᠢᠨ᠎ᠡ ᠶᠢ ᠡᠭᠦᠳᠭᠦ ᠴᠢᠳᠠᠪᠣᠷᠢ ᠶᠢ ᠭᠦᠮᠦᠵᠢᠭᠦᠯᠭᠦ ᠪᠣᠯ ᠨᠢᠭᠡ ᠵᠣᠢ᠌ᠯ ᠤᠨ ᠭᠦᠡᠳᠤ ᠴᠢᠬᠤᠯᠠ ᠵᠢᠭᠠᠨ ᠰᠤᠷᠭᠠᠬᠤ ᠡᠭᠦᠷᠭᠡ ᠪᠣᠯᠤᠨ᠎ᠠ᠃ ᠮᠦᠨ ᠴᠤ ᠴᠠᠭ ᠦᠶ᠎ᠡ ᠶᠢᠨ ᠪᠠᠴᠢᠮ ᠳᠤᠯᠭᠠᠮ᠎ᠠ ᠱᠠᠭᠠᠷᠳᠠᠯᠭ᠎ᠠ ᠮᠦᠨ᠃ ᠰᠤᠷᠤᠭᠴᠢᠳ ᠳᠤ ᠰᠢᠨ᠎ᠡ ᠶᠢ ᠡᠭᠦᠳᠤᠨ ᠪᠦᠳᠦᠭᠡᠭᠦ ᠰᠡᠳᠭᠢᠭᠦᠢ ᠶᠢᠨ ᠣᠷᠴᠢᠨ ᠳᠤᠭᠤᠷᠢᠨ ᠢ ᠪᠦᠷᠢᠯᠳᠦᠭᠦᠯᠤᠨ ᠦᠭ‍ᠭᠦ ᠭᠡᠷᠡᠭ᠍ᠳᠡᠢ᠃ ᠡᠨᠡ ᠪᠣᠯ ᠰᠤᠷᠤᠭᠴᠢᠳ ᠤᠨ ᠰᠡᠳᠭᠢᠭᠦᠢ ᠶᠢ ᠭᠦᠮᠦᠵᠢᠭᠦᠯᠭᠦ ᠶᠢᠨ ᠣᠷᠢᠳᠠᠯ ᠨᠥᠭᠦᠴᠡᠯ ᠮᠦᠷᠳᠡᠭᠡᠨ ᠴᠢᠬᠤᠯᠠ ᠪᠦᠷᠢᠯᠳᠦᠭᠦᠨ ᠭᠡᠰᠡᠭ᠌ ᠮᠦᠨ᠃ ᠰᠤᠷᠤᠭᠴᠢᠳ ᠢ ᠵᠠᠪᠠᠯ ᠣᠯᠠᠨ ᠳᠠᠯ᠎ᠠ ᠡᠴᠠ᠂ ᠣᠯᠠᠨ ᠡᠭᠦᠳᠡᠨ ᠡᠴᠠ᠂ ᠣᠯᠠᠨ ᠠᠷᠭ᠎ᠠ ᠪᠠᠷ᠂ ᠣᠯᠠᠨ ᠶᠠᠩᠵᠤ ᠪᠠᠷ ᠠᠰᠠᠭᠤᠳᠠᠯ ᠳᠤ ᠪᠣᠰᠤᠳ ᠡᠴᠠ ᠣᠠᠴᠠ ᠰᠡᠳᠭᠢᠭᠦ ᠠᠷᠭ᠎ᠠ ᠪᠠᠷ ᠵᠠᠳᠠᠯᠤᠯᠳᠠ ᠭᠢᠯᠭᠡᠵᠤ᠂ ᠰᠢᠨ᠎ᠡ ᠶᠢ ᠢᠯᠡᠷᠡᠭᠦᠯᠭᠦ ᠳᠠᠳᠬᠤᠯ ᠲᠡᠶ ᠪᠣᠯᠭᠠᠨ᠂ ᠶᠠᠷᠰᠢᠭ ᠳᠦᠪᠠᠭ᠌ ᠭᠦᠴᠢᠷ ᠪᠠᠷᠭᠡᠰᠢᠶᠡᠯ ᠡᠴᠠ ᠠᠶᠤᠬᠤ ᠦᠭᠡᠶ ᠠᠭᠢᠨ ᠳᠠᠭᠢᠨ ᠵᠤᠷᠢᠭᠳᠠᠢ ᠪᠠᠷ ᠰᠡᠳᠭᠢᠭᠦᠢ ᠶᠢᠨ ᠥᠢᠯᠡᠳᠦᠯᠭᠡ ᠳᠤ ᠣᠷᠤᠯᠴᠠᠭᠤᠯᠪᠠᠯ ᠰᠠ‍‌ᠶᠢ ᠪᠦᠭᠦ ᠳᠠᠯ᠎ᠠ ᠪᠠᠷ ᠰᠢᠰᠲ᠋ᠸᠮ ᠲᠡᠶ ᠪᠠᠷ ᠡᠭᠦᠳᠤᠨ ᠪᠦᠳᠦᠭᠡᠭᠦ ᠰᠡᠳᠭᠢᠭᠦᠢ ᠶᠢ ᠭᠦᠮᠦᠵᠢᠭᠦᠯᠵᠤ ᠴᠢᠳᠠᠨ᠎ᠠ᠃ ᠡᠢ᠌ᠮᠤ ᠡᠴᠠ ᠵᠢᠭᠠᠨ ᠰᠤᠷᠭᠠᠬᠤ ᠶᠠᠪᠣᠴᠠ ᠳᠤ ᠰᠤᠷᠤᠭᠴᠢᠳ ᠤᠨ ᠡᠭᠦᠳᠤᠨ ᠪᠦᠳᠦᠭᠡᠭᠦ ᠰᠡᠳᠭᠢᠭᠦᠢ ᠶᠢ ᠭᠦᠮᠦᠵᠢᠭᠦᠯᠦᠶ᠎ᠡ ᠭᠡᠪᠠᠯ ᠰᠤᠷᠤᠭᠴᠢᠳ ᠤᠨ ᠵᠠᠳᠠᠷᠠᠭᠤᠯᠬᠤ ᠰᠡᠳᠭᠢᠭᠦᠢ ᠶᠢᠨ ᠭᠦᠮᠦᠵᠢᠯ ᠢ ᠭᠦᠡᠳᠦᠳᠭᠡᠨ ᠥᠵᠡᠭᠦ ᠭᠡᠷᠡᠭ᠍ᠳᠡᠢ᠃


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠤᠨ ᠭᠦᠯᠤᠨ ᠪᠣᠢ᠌ᠷ ᠬᠤᠳᠠ ᠶᠢᠨ ᠬᠠᠢ᠌ᠯᠠᠷ ᠬᠤᠳᠠ

ᠵᠤᠬᠢᠶᠠᠭᠴᠢ᠄ ᠭᠦᠯᠦᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 2744
ᠴᠠᠭ᠄ 2012 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ