☆ ᠰ·ᠠᠭᠤᠯᠠ
ᠨᠤᠳᠤᠭ ᠮᠢᠨᠢ
(ᠲ᠋ᠠᠭᠤᠤ ᠶᠢᠨ ᠥᠭᠡ)
ᠨᠠᠪᠴᠢ ᠨᠢ ᠨᠤᠭᠤᠭᠠᠷᠠᠭᠰᠠᠨ ᠪᠣᠷᠭᠠᠰᠤ
ᠨᠠᠷᠠ ᠶᠢ ᠡᠷᠭᠦᠭᠡᠳ ᠱᠤᠤᠭᠢᠳᠠᠭ ᠶᠤᠮ᠂
ᠨᠠᠮᠠᠭ᠎ᠠ ᠨᠢ ᠣᠠᠵᠢ᠌ᠭᠰᠠᠨ ᠣᠳᠠ ᠨᠢ
ᠰᠠᠷ᠎ᠠ ᠶᠢ ᠳᠡᠭᠦᠵᠢᠯᠡᠭᠡᠳ ᠭᠠᠩᠬᠤᠳᠠᠭ ᠶᠤᠮ᠃
ᠬᠠᠢ᠌ᠷ᠎ᠠ ᠶᠢ ᠠᠷᠭᠠᠮᠵᠢᠭᠰᠠᠨ ᠨᠤᠳᠤᠭ ᠮᠢᠨᠢ
ᠬᠠᠷᠠᠬᠤ ᠨᠢᠳᠤᠨ ᠳᠤ ᠣᠢ᠌ᠷᠠᠬᠠᠨ ᠪᠠᠢ᠌ᠨ᠎ᠠ᠃
ᠬᠠᠯᠴᠠᠭᠠᠢ ᠭᠦᠯᠢᠭᠡᠷ ᠮᠠᠩᠬ᠎ᠠ ᠨᠤᠭᠤᠳ ᠨᠢ
ᠬᠠᠵᠠᠭᠤ ᠡᠴᠡ ᠪᠠᠨ ᠡᠭᠢᠯᠡᠵᠤ ᠨᠤᠭᠤᠭᠠᠷᠠᠳᠠᠤᠨ ᠶᠤᠮ᠂
ᠬᠠᠷᠠᠭᠠᠠᠳᠤ ᠶᠢᠨ ᠰᠠᠢ᠌ᠬᠠᠨ ᠭᠦᠡᠳᠡᠢ ᠡᠴᠡ ᠨᠢ
ᠬᠠᠢ᠌ᠷ᠎ᠠ ᠶᠢᠨ ᠳᠠᠭᠤᠤ ᠬᠠᠩᠭᠢᠨᠠᠳᠠᠭ ᠶᠤᠮ᠃
ᠰᠡᠳᠭᠢᠯ ᠢ ᠭᠦᠭ᠍ᠵᠢᠭᠡᠭ᠍ᠰᠡᠨ ᠨᠤᠳᠤᠭ ᠮᠢᠨᠢ
ᠰᠠᠷᠠᠯ ᠮᠠᠳᠠᠯ ᠳᠤ ᠳᠤᠳᠤᠬᠠᠨ ᠪᠠᠢ᠌ᠨ᠎ᠠ᠃
ᠭᠦᠭᠡᠷᠡᠨ ᠬᠠᠷᠠᠭᠳᠠᠬᠤ ᠪᠠᠯᠴᠢᠭᠡᠷ ᠳᠤᠨᠢ
ᠭᠦᠯᠦᠭ᠌ ᠠᠳᠤᠭᠤᠳ ᠳᠤᠷᠭᠢᠯᠳᠤᠳᠠᠭ ᠶᠤᠮ᠂
ᠭᠦᠳᠡᠩᠳᠡᠨ ᠣᠨᠢᠶᠠᠷᠳᠤᠬᠤ ᠬᠠᠩᠭ᠋ᠠᠢ ᠪᠠᠷ ᠨᠢ
ᠭᠦᠭ᠍ᠵᠢᠯ ᠤᠨ ᠨᠤᠲ᠋ ᠵᠢᠷᠭᠢᠳᠡᠭ᠌ ᠶᠤᠮ᠃
ᠰᠠᠨᠠᠭ᠎ᠠ ᠶᠢ ᠪᠠᠶᠠᠰᠬᠠᠭᠰᠠᠨ ᠨᠤᠳᠤᠭ ᠮᠢᠨᠢ
ᠰᠠᠢ᠌ᠬᠠᠨ ᠭᠦᠰᠡᠯ ᠳᠤ ᠪᠠᠢ᠌ᠷᠢᠯᠠᠩᠬᠠᠨ ᠪᠠᠢ᠌ᠨ᠎ᠠ᠃
ᠵᠤᠬᠢᠶᠠᠭᠴᠢ᠄ ᠰ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2988
ᠴᠠᠭ᠄ 2009 ᠤᠨ ᠤ 06 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ