ᠨᠡᠪᠲᠡᠷᠡᠨ ᠤᠷᠤᠬᠤ
ᠭᠤᠮᠤᠳᠠᠯ᠎ᠠ

ᠡᠨᠡ ᠪᠣᠳᠠ ᠴᠡᠴᠡᠭ᠌ ᠳᠤ

ᠡᠷᠪᠠᠭᠡᠢ ᠦᠭᠡᠶ ᠳ᠋ᠤᠨᠢ

ᠡᠰᠡᠷᠸ᠎ᠡ ᠳᠡᠭ᠍ᠷᠢ ᠶᠢᠨ ᠮᠠᠩᠨᠠᠢ ᠳ᠋ᠤ

ᠨᠢᠳᠤᠨ ᠦᠭᠡᠶ ᠳ᠋ᠤᠨᠢ

ᠨᠠᠮᠢ᠋ᠢ ᠬᠠᠢ᠌ᠷᠠᠯᠠᠳᠠᠭ ᠦᠭᠡᠶ ᠭᠦᠮᠤᠨ

ᠳᠠᠭᠤᠤ ᠲᠡᠶ ᠠᠷᠢᠭᠢ ᠪᠠᠷᠢᠳᠠᠭ ᠳᠤᠨᠢ

ᠮᠢᠨᠤ ᠬᠠᠢ᠌ᠷᠠᠳᠠᠢ ᠭᠦᠮᠤᠨ

ᠳᠤᠭᠤᠯᠠᠩ ᠨᠢᠯᠪᠣᠰᠤᠳᠠᠢ ᠪᠠᠢ᠌ᠳᠠᠭ ᠳᠤᠨᠢ

ᠭᠠᠭᠴᠠ ᠮᠤᠳᠤᠨ ᠶᠠᠷᠤ

ᠭᠠᠯ ᠪᠣᠯᠳᠠᠭ ᠦᠭᠡᠶ ᠳ᠋ᠤᠨᠢ

ᠭᠠᠷᠢᠭ ᠤᠨ ᠵᠢᠷᠭᠤᠭᠠᠨ ᠤ ᠦᠳᠡᠰᠢ

ᠣᠳᠠᠯ ᠦᠭᠡᠶ ᠢᠷᠡᠳᠡᠭ᠌ ᠳᠤᠨᠢ

ᠭᠤᠮᠤᠳᠠᠯ᠎ᠠ᠂ ᠭᠤᠮᠤᠳᠠᠯ᠎ᠠ ᠪᠢ

ᠭᠤᠨᠢᠭ ᠤᠨ ᠰᠡᠭᠦᠷᠡᠰᠤ ᠠᠯᠳᠠᠨ

ᠳᠠᠭᠤᠯᠠᠭᠠᠤᠨ ᠳᠠᠭᠤᠯᠠᠭᠠᠤᠨ ᠭᠤᠮᠤᠳᠠᠯ᠎ᠠ

ᠭᠤᠪᠢ ᠶᠢᠨ ᠳᠡᠭ᠍ᠷᠢ ᠶᠢ ᠪᠣᠷᠤᠭᠠᠯᠠᠭᠤᠯᠵᠤ

ᠣᠭᠢᠯᠠᠭᠠᠤᠨ ᠣᠭᠢᠯᠠᠭᠠᠤᠨ ᠭᠤᠮᠤᠳᠠᠯ᠎ᠠ


ᠵᠠᠭᠢᠳᠠᠯ ᠪᠢᠴᠢᠭ᠍ᠰᠡᠨ ᠭᠦᠮᠤᠨ ᠡᠴᠠ

ᠬᠠᠷᠢᠭᠤ ᠢᠷᠡᠳᠡᠭ᠌ ᠦᠭᠡᠶ ᠳ᠋ᠤᠨᠢ

ᠵᠠᠯᠠᠭᠤᠬᠠᠨ ᠰᠠᠢ᠌ᠬᠠᠨ ᠨᠠᠰᠤ ᠮᠢᠨᠢ

ᠬᠠᠷᠢᠵᠤ ᠪᠣᠴᠠᠳᠠᠭ ᠦᠭᠡᠶ ᠳ᠋ᠤᠨᠢ

ᠨᠠᠮᠢ᠋ᠢ ᠥᠭᠡᠢ᠌ᠯᠡᠳᠡᠭ᠌ ᠭᠦᠮᠤᠨ

ᠥᠭᠡ ᠪᠠᠨ ᠬᠠᠷᠠᠮᠨᠠᠳᠠᠭ ᠳᠤᠨᠢ

ᠮᠢᠨᠤ ᠳᠠᠨᠢᠳᠠᠭ ᠦᠭᠡᠶ ᠭᠦᠮᠤᠨ

ᠡᠭᠦᠳᠡ ᠳᠤᠭᠰᠢᠳᠠᠭ ᠳᠤᠨᠢ

ᠭᠠᠷ ᠭᠦᠷᠦᠰᠢ ᠦᠭᠡᠶ ᠭᠠᠵᠠᠷ

ᠭᠠᠠᠳᠢᠭ ᠣᠷᠭᠤᠳᠠᠭ ᠳᠤᠨᠢ

ᠭᠠᠵᠠᠷ ᠤᠨ ᠬᠤᠯᠠ ᠨᠤᠳᠤᠭ ᠳᠤ

ᠴᠢ ᠮᠢᠨᠢ ᠵᠠᠶᠠᠭᠠᠳᠠᠭ ᠳᠤᠨᠢ

ᠭᠤᠮᠤᠳᠠᠯ᠎ᠠ᠂ ᠭᠤᠮᠤᠳᠠᠯ᠎ᠠ ᠪᠢ

ᠭᠤᠤᠨᠢ ᠶᠢᠨ ᠵᠠᠶᠠᠭᠠᠨ ᠳᠤ ᠭᠤᠮᠤᠷᠬᠠᠨ

ᠳᠠᠭᠤᠯᠠᠭᠠᠤᠨ ᠳᠠᠭᠤᠯᠠᠭᠠᠤᠨ ᠭᠤᠮᠤᠳᠠᠯ᠎ᠠ

ᠭᠤᠤᠯ ᠳᠠᠭᠠᠨ ᠮᠦᠰᠤ ᠭᠦᠯᠳᠡᠭᠡᠵᠤ

ᠣᠭᠢᠯᠠᠭᠠᠤᠨ ᠣᠭᠢᠯᠠᠭᠠᠤᠨ ᠭᠤᠮᠤᠳᠠᠯ᠎ᠠ


ᠦᠣᠷ ᠤᠨ ᠡᠮᠦᠨᠡᠭᠢ ᠵᠡᠭᠦᠳᠤᠨ ᠳ᠋ᠤ

ᠬᠤᠨ ᠰᠢᠭ ᠴᠠᠷᠪᠠᠨ ᠢᠷᠡᠳᠡᠭ᠌ ᠳᠤᠨᠢ

ᠦᠷᠢᠳᠠᠢ ᠠᠮᠢᠳᠤᠷᠠᠯ ᠤᠨ ᠳᠠᠪᠠᠭᠠᠨ ᠳ᠋ᠤ

ᠬᠤᠷᠭᠤᠨ ᠰᠢᠭ ᠴᠠᠷᠴᠠᠨ ᠣᠤᠠᠳᠠᠭ ᠳᠤᠨᠢ

ᠬᠤᠤᠰᠳᠠᠢ ᠠᠯᠠᠭ ᠨᠢᠳᠤ ᠪᠠᠷ ᠵᠢᠠᠨ

ᠡᠩᠭᠡ ᠶᠢᠨ ᠳᠤᠷᠠᠯᠠᠯ ᠰᠢᠪᠠᠨᠡᠳᠡᠭ᠌ ᠳᠤᠨᠢ

ᠬᠤᠶᠠᠷᠬᠠᠨ ᠢᠮᠠᠬᠤ ᠶᠢᠨ ᠵᠢᠷᠤᠭ ᠶᠢᠡᠷ ᠵᠢᠠᠨ

ᠮᠥᠩᠭᠡ ᠶᠢᠨ ᠳᠤᠷᠠᠰᠤᠯ ᠦᠯᠡᠳᠡᠭᠡᠳᠡᠭ᠌ ᠳᠤᠨᠢ

ᠨᠠᠭᠤᠷ ᠤᠨ ᠭᠦᠭᠡᠷᠦᠭᠦᠨ ᠨᠤᠭᠤᠰᠤ

ᠬᠠᠯᠠᠭᠤᠨ ᠵᠤᠨ ᠶᠢᠡᠷ ᠬᠠᠷᠢᠳᠠᠭ ᠳᠤᠨᠢ

ᠨᠤᠳᠤᠭ ᠤᠨ ᠣᠯᠠᠭᠠᠨ ᠭᠡᠯᠡᠨ ᠳ᠋ᠤ

ᠬᠠᠷᠬᠠᠨ ᠪᠢ ᠣᠨᠠᠳᠠᠭ ᠳᠤᠨᠢ

ᠭᠤᠮᠤᠳᠠᠯ᠎ᠠ᠂ ᠭᠤᠮᠤᠳᠠᠯ᠎ᠠ ᠪᠢ

ᠭᠤᠴᠢᠨ ᠤ ᠳᠠᠪᠠᠭᠠᠨ ᠶᠢᠡᠨ ᠭᠤᠨᠢᠷᠬᠠᠨ

ᠳᠠᠭᠤᠯᠠᠭᠠᠤᠨ ᠳᠠᠭᠤᠯᠠᠭᠠᠤᠨ ᠭᠤᠮᠤᠳᠠᠯ᠎ᠠ

ᠭᠤᠨᠠᠨ ᠤ ᠰᠠᠷᠠ ᠶᠢ ᠭᠤᠬᠤᠴᠤᠭᠠᠯᠠᠨ

ᠣᠭᠢᠯᠠᠭᠠᠤᠨ ᠣᠭᠢᠯᠠᠭᠠᠤᠨ ᠭᠤᠮᠤᠳᠠᠯ᠎ᠠ᠃


ᠵᠤᠬᠢᠶᠠᠭᠴᠢ ᠶᠢᠨ ᠬᠠᠶ‍ᠢᠭ᠄ ᠰᠢᠠᠵᠢᠶᠠᠩ ᠬᠤᠪᠣᠭᠰᠠᠢ᠌ᠷᠢ ᠰᠢᠶᠠᠨ

ᠵᠤᠬᠢᠶᠠᠭᠴᠢ᠄ ᠺᠠ᠊·ᠴᠠᠷᠠᠠᠳᠤᠷᠵᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2681
ᠴᠠᠭ᠄ 2010 ᠤᠨ ᠤ 06 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ