☆ ᠰᠠ᠊·ᠵᠠᠮᠢᠶᠠᠨ
ᠬᠠᠢ᠌ᠷ᠎ᠠ ᠯᠠᠪᠰᠠᠯᠠᠬᠤ ᠣᠷᠤᠨ ᠵᠠᠢ
ᠡ᠊ᠨᠳᠡ ᠨᠢᠭᠡ ᠭᠦᠮᠤᠨ ᠳᠤᠪ ᠳᠤᠭᠤᠢ
ᠠᠠᠳᠠᠭᠠᠢ ᠳᠠᠯᠪᠢᠵᠤ ᠰᠠᠭᠤᠨ᠎ᠠ
ᠳᠠᠠᠳᠠ ᠨᠢᠭᠡ ᠭᠦᠮᠤᠨ ᠦᠪ ᠦᠨᠡᠨ
ᠬᠤᠠᠳᠠᠭ᠎ᠠ ᠪᠠᠨ ᠡᠷᠭᠦᠵᠤ ᠰᠠᠭᠤᠨ᠎ᠠ
ᠠᠮᠠᠷᠠᠭ ᠰᠠᠷ᠎ᠠ ᠶᠢᠨ ᠭᠢᠨᠢ ᠲᠦᠯᠦᠭᠡ
ᠠᠷᠤ ᠶᠢᠨ ᠠᠭᠤᠯᠠ ᠶᠢᠨ ᠴᠠᠰᠤ
ᠭᠡᠰᠡᠭ᠌ ᠭᠡᠰᠡᠭ᠌ ᠬᠠᠢ᠌ᠯᠵᠤ ᠪᠠᠢ᠌ᠪᠠ
ᠠᠪᠠ ᠶᠢᠨ ᠨᠢᠭᠡ ᠭᠦᠮᠤᠨ
ᠮᠦᠷ ᠠᠯᠳᠠᠨ ᠳᠦᠭᠡᠷᠢᠵᠤ ᠪᠠᠢ᠌ᠪᠠ
ᠰᠢᠨ᠎ᠡ ᠴᠠᠭ ᠤᠨ ᠡᠨᠡ ᠥᠯᠢᠭᠡᠷ
ᠭᠡᠨᠡᠳᠲᠡ ᠣᠷᠭᠤᠭᠰᠠᠨ ᠪᠠᠢ᠌ᠵᠤ ᠮᠠᠳᠠᠨ᠎ᠡ
ᠰᠢᠷᠭᠡᠭ᠌ ᠰᠢᠷᠭᠡᠭ᠌ ᠬᠠᠯᠠᠭᠤᠨ ᠰᠤᠷᠠᠭ
ᠬᠠᠮᠢᠭ᠎ᠠ ᠡᠴᠡ ᠢᠷᠡᠭᠦ ᠶᠢ ᠭᠡᠯᠡᠵᠤ ᠮᠡᠳᠡᠭᠦ ᠦᠭᠡᠶ᠂᠂
ᠣᠬᠤᠷ ᠳᠤᠯᠭᠢᠶᠠᠨ
ᠴᠠᠭ ᠤᠨ ᠣᠬᠤᠷ ᠳᠤᠯᠭᠢᠶᠠᠨ
ᠳᠡᠭ᠍ᠷᠢ ᠳᠤᠯᠵᠤ ᠪᠠᠢ᠌ᠯ᠎ᠠ
ᠴᠢᠮ᠎ᠠ ᠳᠤ ᠪᠣᠳᠤᠭᠰᠠᠨ ᠥᠭᠡ
ᠡᠩᠭᠡᠷ ᠨᠠᠪᠳᠠᠯᠠᠵᠤ ᠪᠠᠢ᠌ᠯ᠎ᠠ
ᠳᠠᠷᠠ ᠬᠤᠯᠠ ᠶᠢᠨ ᠠᠭᠤᠯᠠᠨ ᠳ᠋ᠤ
ᠪᠣᠷᠤᠭ᠎ᠠ ᠱᠤᠭᠰᠢᠵᠤ ᠪᠠᠢ᠌ᠯ᠎ᠠ
ᠳᠡᠭᠡᠭᠦ ᠳᠡᠭᠡᠨ ᠮᠢᠨᠤ ᠰᠡᠳᠭᠢᠯ ᠳ᠋ᠤ
ᠡᠭᠦᠯᠡ ᠨᠡᠭᠦᠵᠤ ᠪᠠᠢ᠌ᠯ᠎ᠠ
ᠴᠠᠭ ᠤᠨ ᠣᠬᠤᠷ ᠳᠤᠯᠭᠢᠶᠠᠨ
ᠭᠠᠵᠠᠷ ᠰᠢᠩᠭᠡᠵᠤ ᠪᠠᠢ᠌ᠪᠠ
ᠴᠢᠮ᠎ᠠ ᠡᠴᠡ ᠢᠷᠡᠭᠦ ᠳᠤᠯᠭᠢᠶᠠᠨ
ᠡᠭᠡᠵᠤ ᠪᠣᠴᠠᠭᠰᠠᠨ ᠪᠠᠢ᠌ᠪᠠ
ᠵᠤᠬᠢᠶᠠᠭᠴᠢ ᠶᠢᠨ ᠬᠠᠶᠢᠭ ᠄ ᠦᠪᠣᠷ ᠮᠤᠩᠭ᠋ᠤᠯ᠂ ᠠᠷᠤ ᠬᠤᠷᠴᠢᠨ
ᠵᠤᠬᠢᠶᠠᠭᠴᠢ᠄ ᠰᠠ᠊·ᠵᠠᠮᠢᠶᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2642
ᠴᠠᠭ᠄ 2011 ᠤᠨ ᠤ 11 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ