☆ ᠬᠠ᠊·ᠯᠢᠩᠬᠸ᠎ᠠ
ᠠᠰᠠᠷ ᠳᠤᠷᠭᠢᠭᠤᠯᠤᠭᠰᠠᠨ ᠢᠰᠢᠭᠡᠨ ᠮᠠᠢ᠌ᠯᠠᠭᠠᠨ
ᠠᠩᠬ᠎ᠠ ᠣᠳᠠᠭ᠎ᠠ ᠭᠦᠳᠡᠭᠡ ᠶᠠᠪᠣᠵᠤ ᠰᠢᠨᠡᠯᠡᠭ᠍ᠰᠡᠨ ᠭᠦᠤ ᠪᠠᠷᠢ ᠬᠤᠶᠠᠭᠤᠯᠠ ᠪᠠᠨ
ᠨᠠᠭ᠎ᠠ ᠡᠪᠦᠭᠡ ᠠᠪᠣ ᠡᠵᠢ ᠳᠦᠷᠤᠯ ᠰᠠᠳᠤᠨ ᠲᠡᠶ ᠪᠠᠨ ᠵᠤᠯᠭᠠᠬᠤ ᠪᠠᠷ
ᠰᠢᠨ᠎ᠡ ᠶᠢᠨ ᠬᠤᠶᠠᠷ ᠲᠤ ᠪᠧᠨ ᠳᠢᠶᠠᠨ ᠳᠡᠷᠭᠡ ᠪᠠᠷ ᠨᠠᠰᠢ ᠨᠢᠰᠭᠡᠯ᠎ᠡ ︕
ᠵᠡᠭᠦᠳᠤᠨ ᠳᠤ ᠦᠭᠡᠶ ᠭᠦᠭᠡᠷᠦᠭᠦᠨ ᠢᠰᠢᠭᠡ ᠳᠠᠪᠠᠷᠢᠨ ᠣᠷᠤᠵᠤ ᠢᠷᠡᠭᠦᠯᠡᠷ
ᠵᠥᠩᠳᠡᠭᠡᠨ ᠣᠤᠯᠭ᠎ᠠ ᠠᠯᠳᠠᠨ ᠡᠪᠠᠢ ᠶᠠᠮᠠᠷ ᠵᠢᠭᠳᠡᠢ᠌ᠭᠡᠨ ᠠᠮᠢᠳᠠᠨ ᠪᠣᠢ ᠭᠡᠵᠡᠭᠡᠪᠡ
ᠰᠢᠨ᠎ᠡ ᠶᠢᠨ ᠬᠤᠪᠴᠠᠰᠤ ᠳᠤᠷᠭᠠᠨ ᠨᠡᠮᠨᠡᠭᠡ ᠲᠡᠶ ᠰᠢᠨᠡᠯᠡᠭᠦ ᠪᠠᠷ ᠢᠷᠡᠭ᠍ᠰᠡᠨ ᠢ ᠶᠠᠭᠠᠭᠢᠨ᠎ᠠ ︕
ᠠᠢ᠌ᠯ ᠤᠨ ᠳᠡᠵᠢᠭᠡ ᠭᠡᠵᠤ ᠦᠭᠭᠦᠭ᠍ᠰᠡᠨ ᠢᠭᠢᠷ᠎ᠡ ᠢᠰᠢᠭᠡ ᠶᠢᠨ ᠨᠢᠭᠡ ᠭᠡᠨ᠎ᠡ
ᠡᠳᠦᠷ ᠪᠦᠷᠢ ᠰᠥ᠋ ᠣᠭᠵᠢᠨ ᠳᠡᠵᠢᠭᠡᠭᠦᠯᠡᠷ ᠭᠦᠮᠤᠨ ᠳᠠᠭᠠᠭᠠᠤᠨ ᠰᠠᠯᠬᠤ ᠥᠭᠡᠢ
ᠮᠠᠯᠢ * ᠶ᠋ᠢᠨ ᠣᠷᠤᠨ ᠳᠡᠭᠡᠷ᠎ᠡ ᠴᠤᠮᠴᠣᠢ᠌ᠨ ᠠᠰᠠᠷ ᠳᠤᠷᠭᠢᠳᠠᠯ᠎ᠠ ᠮᠠᠢ᠌ᠯᠠᠯᠠ ︕
ᠣᠭᠵᠢ ᠪᠠᠨ ᠭᠦᠭᠦᠭᠦ ᠳᠤ ᠲᠦᠰ ᠭᠡᠳᠡᠯ᠎ᠡ ᠰᠥᠭᠦᠳᠦᠭ᠍ᠰᠡᠨ ᠦᠨᠦᠴᠢᠨ ᠢᠰᠢᠭᠡ
ᠡᠨᠡ ᠭᠡᠷ ᠤᠨ ᠭᠦᠮᠦᠰ ᠢ ᠢᠨᠢᠶᠡᠯᠭᠡᠭᠦ ᠶᠢᠨ ᠳᠠᠭᠠᠤ ᠡᠮᠵᠡᠭᠯᠡᠭᠦᠯᠦᠭ᠍ᠰᠡᠨ ᠪᠣᠯᠠᠢ
ᠬᠤᠨᠢᠳ ᠨᠢ ᠡᠭᠢᠯᠡᠨ ᠲᠦᠯᠯᠡᠭᠦ ᠳᠤ ᠨᠢᠭᠡᠨ ᠡᠭᠡ ᠣᠯᠵᠤ ᠬᠤᠪᠢᠶᠠᠯᠴᠠᠨ ᠭᠦᠭᠦᠭᠡᠰᠡᠢ ︕
ᠠᠰᠠᠷ ᠨᠢᠯᠴᠢᠭᠢᠨᠠᠮᠠ ᠭᠠᠳᠠᠨ᠎ᠠ ᠵᠢᠩᠳᠡᠭᠦᠨ ᠦᠯᠡᠳᠡᠭᠡᠵᠤ ᠴᠢᠳᠠᠭᠰᠠᠨ ᠥᠭᠡᠢ
ᠢᠰᠢᠭᠡ ᠭᠡᠳᠤᠨ ᠬᠠᠢ᠌ᠷᠴᠠᠭ ᠰᠦ᠋ ᠲᠡᠶ 《ᠮᠠᠢ ︕ ᠮᠠᠢ ︕》 ᠭᠡᠮᠡᠨ ᠪᠣᠴᠠᠯ᠎ᠠ
ᠰᠢᠨ᠎ᠡ ᠶᠢᠨ ᠨᠢ᠋ᠮᠠᠨ ᠡᠴᠠ ᠣᠯᠠᠨ ᠬᠠᠨᠢᠳᠠᠨ ᠲᠡᠶ ᠪᠣᠯᠬᠤ ᠶᠤᠮ ᠭᠡᠨ᠎ᠡ ︕
ᠦᠯᠵᠠᠢ᠌ᠳᠤ ᠡᠳᠦᠷ ᠮᠠᠰᠢᠨ ᠳᠤ ᠰᠠᠭᠤᠨ ᠮᠠᠢ᠌ᠯᠠᠨ ᠪᠠᠭᠤᠭᠰᠠᠨ ᠢᠰᠢᠭᠡ ᠵᠢ
ᠨᠠᠶᠠᠨ ᠵᠢᠷᠭᠤᠭᠠᠳᠠᠢ ᠨᠠᠰᠤᠳᠠᠨ ᠠᠪᠣ ᠮᠢᠨᠢ ᠥᠭᠦᠭᠡᠷᠳᠡᠨ ᠳᠠᠪᠠᠷᠢᠵᠤ ᠰᠡᠭᠦᠳᠡᠷᠯᠡᠭᠦᠯᠪᠡ
ᠪᠠᠯᠭᠡ ᠳᠠᠮᠪᠠᠷᠢᠯ ᠢ ᠠᠪᠴᠢᠷᠠᠭᠰᠠᠨ ᠲᠦᠯ ᠤᠨ ᠳᠠᠭᠤᠨ ᠴᠢᠭᠢᠨ ᠳᠤ ᠬᠠᠩᠭᠢᠨᠠᠭᠰᠠᠭᠠᠷ ᠁
* ᠮᠠᠨ ᠤ ᠳᠡᠵᠢᠭᠡᠵᠤ ᠪᠠᠢ᠌ᠭ᠎ᠠ ᠨᠤᠬᠠᠢ ᠮᠠᠯᠢ ᠭᠡᠳᠡᠭ᠌ ᠨᠠᠷᠠ ᠲᠡᠶ᠃
2013 ᠣᠨ ᠤ 2 ᠰᠠᠷ᠎ᠠ ᠵᠢᠨ 13 ᠊ᠤ ᠡᠳᠦᠷ
ᠵᠤᠬᠢᠶᠠᠭᠴᠢ ᠶᠢᠨ ᠬᠠᠶᠢᠭ ᠄ ᠰᠦᠨᠢᠳ ᠵᠡᠭᠦᠨ ᠬᠤᠰᠢᠭᠤ
ᠵᠤᠬᠢᠶᠠᠭᠴᠢ᠄ ᠬᠠ᠊·ᠯᠢᠩᠬᠸ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 12463
ᠴᠠᠭ᠄ 2013 ᠤᠨ ᠤ 02 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ