☆ ᠭᠠᠳᠠᠨ
ᠮᠤᠩᠭ᠋ᠤᠯ ᠳᠤᠭᠤᠰᠤ ᠳᠠᠭᠢᠨ ᠪᠣᠰᠤᠨ᠎ᠠ
ᠳᠡᠭ᠍ᠷᠢ ᠮᠡᠭᠦᠢᠭᠦ ᠭᠦᠭᠡ ᠦᠨᠳᠦᠷ ᠤᠨ
ᠳᠦᠷᠦᠭᠡᠨ ᠳᠤᠤᠷ᠎ᠠ ᠡᠴᠡ ᠲᠦᠩᠭᠢᠨᠠᠨ ᠪᠣᠰᠴᠤ
ᠳᠡᠯᠡᠭᠡᠢ ᠮᠥᠯᠥᠢᠭᠦ ᠴᠠᠭᠠᠨ ᠰᠤᠳᠤᠷ ᠤᠨ
ᠳᠠᠷᠠ ᠵᠠᠢ ᠪᠠᠨ ᠱᠦᠩᠭᠢᠨᠠᠨ ᠨᠥᠭᠦᠭᠦ
ᠮᠤᠷᠢ ᠪᠦᠳᠦᠷᠢᠭᠦ ᠦᠭᠡᠶ ᠡᠷ᠎ᠡ ᠮᠤᠬᠤᠬᠤ ᠦᠭᠡᠶ
ᠮᠤᠩᠭ᠋ᠤᠯ ᠳᠤᠭᠤᠰᠤ ᠳᠠᠭᠢᠨ ᠪᠣᠰᠤᠨ᠎ᠠ
ᠳᠠᠬᠤ ᠰᠡᠭᠯᠡᠭᠡᠷ ᠦᠵᠡᠯ ᠪᠣᠳᠤᠯ ᠤᠨ
ᠳᠠᠯᠤ ᠵᠡᠮᠳᠡᠭ᠌ ᠬᠠᠪᠣᠷ ᠨᠠᠮᠤᠷ
ᠨᠢᠷᠤᠭᠤ ᠪᠦᠭ᠍ᠳᠥᠢᠨ ᠳᠤᠰᠤᠨ ᠠᠪᠴᠤ
ᠨᠢᠰᠤᠨ ᠳᠤᠪᠳᠤᠯᠬᠤ ᠠᠭᠤᠯᠠ ᠪᠣᠯᠭᠠᠨ᠎ᠠ
ᠮᠤᠷᠢ ᠪᠦᠳᠦᠷᠢᠭᠦ ᠦᠭᠡᠶ ᠡᠷ᠎ᠡ ᠮᠤᠬᠤᠬᠤ ᠦᠭᠡᠶ
ᠮᠤᠩᠭ᠋ᠤᠯ ᠳᠤᠭᠤᠰᠤ ᠳᠠᠭᠢᠨ ᠪᠣᠰᠤᠨ᠎ᠠ
ᠴᠢᠭᠢᠨ ᠳᠤ ᠰᠢᠷᠭ᠎ᠠ ᠶᠢᠨ ᠳᠠᠯ ᠨᠠᠮᠢᠷᠠᠵᠤ
ᠴᠡᠭᠡᠵᠢᠨ ᠳᠤ ᠪᠢᠯᠢᠭ᠌ ᠤᠨ ᠣᠳᠤ ᠱᠤᠤᠭᠢᠵᠤ
ᠨᠠᠷᠠᠨ ᠤ ᠳᠠᠭᠤᠭᠠ ᠣᠨ ᠰᠠᠷ᠎ᠠ ᠶᠢ
ᠨᠠᠮᠤᠷ ᠤᠨ ᠳᠠᠷᠭᠤ ᠪᠠᠷ ᠬᠤᠷᠢᠶᠠᠵᠤ ᠢᠷᠡᠭᠦ
ᠮᠤᠷᠢ ᠪᠦᠳᠦᠷᠢᠭᠦ ᠦᠭᠡᠶ ᠡᠷ᠎ᠡ ᠮᠤᠬᠤᠬᠤ ᠦᠭᠡᠶ
ᠮᠤᠩᠭ᠋ᠤᠯ ᠳᠤᠭᠤᠰᠤ ᠳᠠᠭᠢᠨ ᠪᠣᠰᠤᠨ᠎ᠠ
ᠭᠦᠭᠯᠡᠭᠡᠨ ᠳᠤᠤᠷ᠎ᠠ ᠪᠠᠨ ᠳᠤᠱᠠ ᠳᠠᠰᠤᠳᠠᠨ
ᠭᠦᠡᠳᠦᠷᠭᠡᠨ ᠳᠡᠭᠡᠷ᠎ᠡ ᠪᠠᠨ ᠬᠠᠰᠢᠶ᠎ᠠ ᠬᠠᠪᠢᠯᠤᠨ
ᠶᠢᠰᠤᠨ ᠭᠦᠭᠦᠯᠳᠤ ᠳᠤᠭ ᠡᠷᠭᠦᠭ᠍ᠰᠡᠨ
ᠶᠡᠭᠡ ᠮᠤᠩᠭ᠋ᠤᠯ ᠤᠨ ᠶᠢᠡᠨ ᠵᠠᠮ ᠢ ᠡᠯᠭᠦᠵᠤ
ᠮᠤᠷᠢ ᠪᠦᠳᠦᠷᠢᠭᠦ ᠦᠭᠡᠶ ᠡᠷ᠎ᠡ ᠮᠤᠬᠤᠬᠤ ᠦᠭᠡᠶ
ᠮᠤᠩᠭ᠋ᠤᠯ ᠳᠤᠭᠤᠰᠤ ᠳᠠᠭᠢᠨ ᠪᠣᠰᠤᠨ᠎ᠠ
ᠳᠢᠭ ᠭᠡᠭᠦ ᠶᠢᠨ ᠬᠤᠷᠤᠮ ᠳᠤ ᠴᠣᠢ᠌ᠯᠠᠵᠤ
ᠳᠢᠪ ᠭᠦᠡᠳᠡᠯᠢᠰᠦᠮᠡ ᠤᠷᠤᠭ᠎ᠠ ᠰᠣᠢ᠌ᠯᠵᠤ
ᠳᠡᠭ᠍ᠰᠢ ᠡᠴᠡ ᠭᠦᠳᠡᠯᠭᠦ ᠶᠢᠨ ᠥᠵᠦᠭᠦᠷ ᠵᠢᠷᠤᠭ᠎ᠠ ᠪᠠᠷ
ᠳᠡᠭ᠌ ᠡᠴᠡ ᠡᠭᠢᠯᠡᠭ᠍ᠰᠡᠨ ᠬᠠᠷᠠᠭ᠎ᠠ ᠨᠠᠷᠢᠰᠬᠠᠨ
ᠮᠤᠷᠢ ᠪᠦᠳᠦᠷᠢᠭᠦ ᠦᠭᠡᠶ ᠡᠷ᠎ᠡ ᠮᠤᠬᠤᠬᠤ ᠦᠭᠡᠶ
ᠮᠤᠩᠭ᠋ᠤᠯ ᠳᠤᠭᠤᠰᠤ ᠳᠠᠭᠢᠨ ᠪᠣᠰᠤᠨ᠎ᠠ
ᠵᠤᠬᠢᠶᠠᠭᠴᠢ᠄ ᠭᠠᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2770
ᠴᠠᠭ᠄ 2009 ᠤᠨ ᠤ 02 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ