ᠨᠡᠪᠲᠡᠷᠡᠨ ᠤᠷᠤᠬᠤ
ᠡᠵᠢ ᠮᠢᠨᠢ

ᠡᠷᠢᠶᠡᠨ ᠪᠠᠷᠠᠭᠠᠨ ᠶ‍ᠢᠷᠳᠢᠠᠴᠤ ᠶᠢᠨ ᠳᠤᠭᠤᠰᠤᠨ ᠳ᠋ᠤ

ᠡᠨᠡᠭᠡᠨ ᠪᠠᠶ᠎ᠠ ᠶᠢ ᠮᠢᠨᠢ ᠥᠰᠭᠡᠵᠤ ᠭᠦᠮᠦᠵᠢᠭᠦᠯᠦᠭ᠍ᠰᠡᠨ

ᠡᠨᠡᠷᠢᠯ ᠤᠨ ᠬᠤᠷᠸ᠎ᠠ ᠡᠵᠢ ᠳᠠᠨ ᠢ ᠪᠠᠨ

ᠡᠯᠢᠭᠡ ᠵᠢᠷᠦᠭᠡᠨ ᠳᠡᠭᠡᠨ ᠥᠭᠡᠢ᠌ᠯᠡᠵᠤ ᠶᠠᠪᠣᠬᠤ ᠶᠤᠮ

ᠰᠢᠷᠭᠠᠯ ᠵᠠᠮ ᠤᠨ ᠥᠵᠦᠭᠦᠷ ᠡᠴᠠ

ᠭᠦᠷᠦᠭᠡᠳ ᠢᠷᠡᠭᠦ ᠪᠣᠯ ᠦᠦ ᠭᠦᠤ ᠮᠢᠨᠢ ᠭᠡᠵᠤ

ᠭᠦᠰᠡᠵᠤ ᠰᠠᠭᠤᠭᠰᠠᠨ ᠡᠵᠢ ᠶᠢᠨ ᠮᠢᠨᠢ ᠰᠡᠳᠬᠢᠯ

ᠭᠦᠤ ᠨᠢ ᠨᠠᠳᠠ ᠳᠠᠭᠠᠨ ᠨᠠᠷᠠ ᠪᠢᠯᠠ

ᠰᠤᠶᠤᠯ ᠮᠡᠳᠡᠯᠭᠡ ᠲᠡᠶ ᠭᠦᠮᠤᠨ ᠪᠣᠯᠭᠠᠨ᠎ᠠ ᠭᠡᠳ

ᠰᠤᠷᠤᠭᠴᠢ ᠶᠢᠨ ᠠᠮᠢᠳᠤᠷᠠᠯ ᠢ ᠡᠳ᠋ᠯᠡᠭᠦᠯᠦᠯ᠎ᠡ

ᠰᠤᠳᠤᠨ ᠪᠦᠳᠦᠭᠡᠯ ᠭᠠᠷᠭᠠᠳᠤᠭᠠᠢ ᠭᠡᠵᠤ

ᠰᠤᠷᠬᠤ ᠶᠢᠨ ᠣᠶᠤᠨ ᠢ ᠮᠢᠨᠢ ᠨᠡᠭᠡᠭ᠍ᠳᠡᠭᠦᠯᠦᠯ᠎ᠡ

ᠠᠬᠠᠷ ᠨᠤᠤᠰᠤ ᠪᠠᠨ ᠬᠤᠳᠠᠯᠳᠤᠭᠠᠤᠨ

ᠠᠷᠪᠠᠳᠤ ᠵᠠᠭᠤᠳᠤ ᠶᠢᠨ ᠭᠡᠳᠤ ᠶᠢ ᠣᠯᠤᠭᠠᠤᠨ

ᠠᠯᠭᠬᠠᠨ ᠦᠷ᠎ᠡ ᠨᠠᠳᠠ ᠳ᠋ᠠᠭᠠᠨ

ᠠᠷᠪᠢᠯᠠᠵᠤ ᠵᠠᠷᠤ ᠭᠡᠵᠤ ᠥᠭ᠍ᠳᠡᠭ᠌ ᠰᠠᠨ

ᠭᠦᠳᠡᠯᠮᠦᠷᠢ ᠶᠢᠨ ᠬᠠᠳᠠᠭᠤ ᠠᠶᠠᠨ ᠢ

ᠭᠦᠯᠦᠰᠤ ᠪᠠᠨ ᠣᠷᠤᠰᠬᠠᠵᠤ ᠳᠤᠭᠤᠯᠤᠯ᠎ᠠ

ᠭᠦᠭᠡᠷᠦᠭᠦᠢ ᠦᠷ᠎ᠡ ᠮᠢᠨᠢ ᠥᠯᠦᠰᠭᠦᠵᠡᠢ ᠭᠡᠳ

ᠭᠦᠨᠡᠰᠤ ᠮᠦᠩᠭᠦ ᠭᠦᠷᠭᠡᠭᠡᠳ ᠢᠷᠡᠳᠡᠭ᠌

ᠭᠦᠤ ᠴᠢᠨᠢ ᠪᠢ ᠦᠰᠦᠯ᠎ᠠ ᠡᠵᠢ ᠡ

ᠭᠦᠷᠭᠦ ᠢᠷᠡᠭᠡᠳᠦᠢ ᠵᠥᠭ᠌ ᠶᠢᠡᠨ ᠳᠡᠭᠦᠯᠢᠵᠤ ᠪᠣᠢ

ᠭᠦᠴᠤᠨ ᠵᠤᠷᠢᠭ ᠶᠢᠡᠨ ᠭᠦᠪᠴᠢᠯᠡᠵᠤ ᠪᠣᠢ

ᠭᠦᠴᠢᠷ ᠪᠠᠷᠭᠡᠰᠢᠶᠡᠯ ᠢ ᠢᠯᠠᠬᠤ ᠪᠠᠷ ᠪᠣᠢ

ᠡᠵᠢ ᠶᠢᠨ ᠠᠭᠤᠤ ᠠᠴᠢ ᠵᠢ

ᠡᠷᠭᠢᠭᠦᠯᠵᠤ ᠬᠠᠷᠢᠭᠤᠯᠤᠭᠠᠤᠨ ᠪᠠᠷᠠᠰᠢ ᠥᠭᠡᠢ

ᠡᠨᠡᠭᠡᠨ ᠬᠤᠷᠸ᠎ᠠ ᠶᠢᠨ ᠦᠷᠤᠴᠠᠨ ᠳ᠋ᠤ

ᠡᠵᠢ ᠳᠠ ᠮᠢᠨᠢ︕ ᠭᠦᠡᠳᠦᠳᠡᠢ︕


ᠵᠤᠬᠢᠶᠠᠭᠴᠢ ᠶᠢᠨ ᠬᠠᠶ‍ᠢᠭ ᠄ ᠣᠷᠳᠤᠰ ᠤᠨ ᠡᠵᠡᠨ ᠬᠤᠷᠤᠭ᠎ᠠ ᠬᠤᠰᠢᠭᠤ

ᠵᠤᠬᠢᠶᠠᠭᠴᠢ᠄ ᠣᠯᠠᠭᠠᠠᠪᠠᠷᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3273
ᠴᠠᠭ᠄ 2010 ᠤᠨ ᠤ 03 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ