☆ ᠪᠠᠶᠠᠭᠤᠳ ᠳᠡᠭᠦᠦᠵᠢᠶᠠᠭᠠ
ᠬᠤᠪᠢᠷᠠᠴᠢᠬᠠᠵᠠᠢ
ᠴᠠᠭ ᠤᠨ ᠥᠩᠭᠡ ᠶᠢ ᠳᠠᠭᠠᠭᠠᠤᠨ ᠪᠢ ᠬᠤᠪᠢᠷᠠᠴᠢᠬᠠᠵᠠᠢ᠂
ᠴᠠᠭᠠᠳᠠᠢ ᠭᠡᠷ ᠤᠨ ᠪᠠᠷᠭᠡᠨ ᠴᠤ ᠬᠤᠪᠢᠷᠠᠴᠢᠬᠠᠵᠠᠢ᠂
ᠴᠭᠠᠰᠤᠨ ᠫᠠᠢ ᠭᠤᠵᠣᠢ᠌ᠯᠭᠠᠭᠠᠤᠨ ᠵᠤᠭᠤᠰ ᠮᠦᠷᠥᠢᠴᠡᠭᠦ ᠪᠣᠯᠴᠢᠬᠠᠵᠠᠢ᠂
ᠴᠠᠰᠢ ᠨᠠᠰᠢ ᠭᠦᠶᠦᠭᠡᠳ ᠵᠤᠴᠢᠨ ᠵᠠᠯᠠᠬᠤ ᠪᠣᠯᠴᠢᠬᠠᠵᠠᠢ ᠃
ᠬᠤᠠᠳᠠᠭ᠎ᠠ ᠮᠦᠷᠭᠦᠯᠳᠦᠭᠦᠯᠦᠭᠡᠳ ᠠᠷᠢᠭᠢ ᠳᠠᠳᠠᠬᠤ ᠪᠣᠯᠴᠢᠬᠠᠵᠠᠢ᠂
ᠬᠤᠷᠤᠭᠤ ᠵᠢᠮᠡᠯᠴᠡᠭᠡᠳ ᠭᠢᠮᠤᠰᠤ ᠨᠢᠰᠠᠯᠠᠬᠤ ᠪᠣᠯᠴᠢᠬᠠᠵᠠᠢ᠂
ᠳᠤᠷ᠎ᠠ ᠦᠭᠡᠶ ᠪᠣᠯᠪᠠᠴᠤ ᠳᠤᠩᠬᠤᠯᠵᠠᠬᠤ ᠪᠣᠯᠴᠢᠬᠠᠵᠠᠢ᠂
ᠳᠠᠭᠤᠤ ᠮᠡᠳᠡᠭᠦ ᠦᠭᠡᠶ ᠪᠣᠯᠪᠠᠴᠤ ᠭᠢᠩᠰᠢᠭᠦ ᠪᠣᠯᠴᠢᠬᠠᠵᠠᠢ
ᠭᠡᠯᠡᠭᠦ ᠦᠭᠡᠶ ᠪᠠᠢ᠌ᠭᠰᠠᠨ ᠥᠭᠡ ᠶᠢ ᠭᠡᠯᠡᠭᠦ ᠪᠣᠯᠴᠢᠬᠠᠵᠠᠢ᠂
ᠭᠡᠷᠡᠭ᠌ ᠪᠦᠳᠦᠭᠡᠯᠭᠡᠭᠦ ᠭᠡᠵᠤ ᠭᠦᠶᠦᠭᠦ ᠪᠣᠯᠴᠢᠬᠠᠵᠠᠢ᠃
ᠡᠷᠢᠶᠡᠨ ᠬᠤᠷᠸ᠎ᠠ ᠶᠢᠨ ᠥᠩᠭᠡ ᠶᠢ ᠳᠠᠭᠠᠭᠠᠤᠨ ᠦᠬᠢᠳ ᠬᠤᠪᠢᠷᠠᠴᠢᠬᠠᠵᠠᠢ᠂
ᠡᠨᠡᠳᠡᠢ ᠠᠢ᠌ᠯ ᠤᠨ ᠪᠠᠷᠢ ᠴᠤ ᠬᠤᠪᠢᠷᠠᠴᠢᠬᠠᠵᠠᠢ᠂
ᠢᠴᠢᠭᠦ ᠶᠢ ᠮᠡᠳᠡᠭᠦ ᠦᠭᠡᠶ ᠢᠯᠭᠢᠨ ᠨᠢᠭᠤᠷ ᠲᠡᠶ ᠪᠣᠯᠴᠢᠬᠠᠵᠠᠢ᠂
ᠥᠳᠡᠯᠦᠭᠡ ᠵᠠᠯᠠᠭᠤ ᠨᠠᠰᠤ ᠢᠯᠭᠠᠬᠤ ᠦᠭᠡᠶ ᠪᠣᠯᠴᠢᠬᠠᠵᠠᠢ ᠃
ᠤᠢ᠌ᠷ᠎ᠡ ᠬᠤᠯᠠ ᠦᠶ᠎ᠡ ᠢᠯᠭᠠᠬᠤ ᠦᠭᠡᠶ ᠪᠣᠯᠴᠢᠬᠠᠵᠠᠢ᠂
ᠦᠪᠡᠷ ᠢ ᠪᠠᠨ ᠭᠤᠯᠤᠬᠤ ᠪᠣᠯᠴᠢᠬᠠᠵᠠᠢ᠂
ᠦᠷᠦᠭᠡᠯ ᠢ ᠭᠢ ᠶᠢ ᠭᠤᠬᠠᠳᠠᠬᠤ ᠪᠣᠯᠴᠢᠬᠠᠵᠠᠢ᠂
ᠦᠷ᠎ᠡ ᠪᠠᠨ ᠬᠠᠶᠠᠭᠠᠤᠨ ᠣᠷᠭᠤᠬᠤ ᠪᠣᠯᠴᠢᠬᠠᠵᠠᠢ᠂
ᠦᠷᠤ ᠵᠢᠷᠦᠭᠡ ᠨᠢ ᠴᠢᠯᠠᠭᠤ ᠪᠣᠯᠴᠢᠬᠠᠵᠠᠢ᠃
ᠣᠷᠴᠢᠯᠠᠩ ᠤᠨ ᠥᠩᠭᠡ ᠶᠢ ᠳᠠᠭᠠᠭᠠᠤᠨ ᠡᠭᠦᠯᠡ ᠬᠤᠪᠢᠷᠠᠴᠢᠬᠠᠵᠠᠢ᠂
ᠣᠷᠢᠳᠤ ᠠᠢ᠌ᠯ ᠤᠨ ᠡᠪᠦᠭᠡᠨ ᠴᠤ ᠬᠤᠪᠢᠷᠠᠴᠢᠬᠠᠵᠠᠢ᠂
ᠦᠰᠦ ᠭᠡᠵᠢᠭᠡ ᠪᠠᠨ ᠪᠣᠳᠤᠬᠤ ᠪᠣᠯᠴᠢᠬᠠᠵᠠᠢ᠂
ᠦᠨ᠎ᠡ ᠲᠡᠶ ᠪᠠᠨ᠎ᠡ ᠲᠡᠶ ᠶᠢ ᠭᠡᠳᠦᠷᠭᠦ ᠪᠣᠯᠴᠢᠬᠠᠵᠠᠢ᠂
ᠭᠠᠷ ᠣᠳᠠᠰᠤ ᠪᠠᠨ ᠨᠢᠭᠤᠬᠤ ᠪᠣᠯᠴᠢᠬᠠᠵᠠᠢ᠂
ᠭᠠᠳᠠᠨ᠎ᠠ ᠭᠠᠷᠴᠤ ᠣᠳᠠᠰᠤᠳᠠᠬᠤ ᠪᠣᠯᠴᠢᠬᠠᠵᠠᠢ᠃
ᠣᠷᠢᠳᠠᠢ ᠬᠣᠢ᠌ᠳᠠᠢ ᠥᠭᠡ ᠨᠢ ᠨᠡᠢ᠌ᠴᠡᠭᠦ ᠦᠭᠡᠶ ᠪᠣᠯᠴᠢᠬᠠᠵᠠᠢ᠃
ᠣᠳᠠᠬᠤ ᠦᠭᠡᠶ ᠣᠳᠠᠬᠤ ᠦᠭᠡᠶ ᠬᠤᠳᠠ ᠣᠷᠤᠬᠤ ᠪᠣᠯᠴᠢᠬᠠᠵᠠᠢ᠂
ᠭᠦᠵᠦᠭᠦᠤ ᠳᠤᠯᠤᠭᠠᠢ ᠨᠢ ᠮᠤᠩᠬᠠᠷᠠᠴᠢᠬᠠᠵᠠᠢ᠂
ᠭᠦᠮᠤᠨ ᠤ ᠣᠳᠠᠰᠤᠨ ᠳᠤ ᠵᠤᠭᠤᠰ ᠳᠤᠰᠢᠶᠠᠬᠤ ᠪᠣᠯᠴᠢᠬᠠᠵᠠᠢ᠂
ᠬᠡᠦᠬᠡᠳ ᠦᠷ᠎ᠡ ᠪᠠᠨ ᠰᠠᠨᠠᠬᠤ ᠪᠠᠨ ᠪᠠᠢ᠌ᠴᠢᠬᠠᠵᠠᠢ᠂
ᠭᠦᠷᠦᠩᠭᠡ ᠣᠠᠳᠤᠷᠤᠯ ᠶᠢᠡᠨ ᠬᠤᠭᠤᠰᠤᠯᠠᠬᠤ ᠪᠣᠯᠴᠢᠬᠠᠵᠠᠢ᠃
ᠬᠤᠪᠢᠷᠠᠴᠢᠬᠠᠵᠠᠢ᠂ ᠬᠤᠪᠢᠷᠠᠴᠢᠬᠠᠵᠠᠢ
ᠡᠷᠢᠶᠡᠨ ᠬᠤᠷᠸ᠎ᠠ ᠡᠯᠳᠡᠪ ᠪᠣᠯᠴᠢᠬᠠᠵᠠᠢ᠂
ᠥᠯᠢᠶᠡᠭᠦ ᠰᠠᠯᠭᠢᠨ ᠳᠤᠭᠤᠰᠤ ᠲᠡᠶ ᠪᠣᠯᠴᠢᠬᠠᠵᠠᠢ᠂
ᠦᠵᠡᠯ ᠰᠤᠷᠳᠠᠯ ᠰᠤᠨᠢᠨ ᠪᠣᠯᠴᠢᠬᠠᠵᠠᠢ᠂
ᠦᠨᠡᠨ ᠬᠤᠳᠠᠯ ᠬᠤᠤᠠᠬᠤᠯᠳᠤᠬᠤ ᠪᠣᠯᠴᠢᠬᠠᠵᠠᠢ᠃
ᠵᠤᠬᠢᠶᠠᠭᠴᠢ ᠶᠢᠨ ᠬᠠᠶᠢᠭ ᠄ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤ᠂ ᠡᠮᠡᠭᠡᠯ ᠳᠤᠮᠳᠠᠳᠤ ᠰᠤᠷᠭᠠᠭᠤᠯᠢ
ᠵᠤᠬᠢᠶᠠᠭᠴᠢ᠄ ᠪᠠᠶᠠᠭᠤᠳ ᠳᠡᠭᠦᠦᠵᠢᠶᠠᠭᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2010 ᠤᠨ ᠤ 09 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ