ᠨᠡᠪᠲᠡᠷᠡᠨ ᠤᠷᠤᠬᠤ
ᠲᠦᠯᠵᠢᠭᠦ ᠬᠠᠪᠣᠷ

ᠲᠦᠯᠵᠢᠭᠦ ᠬᠠᠪᠣᠷ ᠤᠨ ᠣᠯᠠᠷᠢᠯ ᠳ᠋ᠤ

ᠲᠦᠮᠡᠨ ᠪᠣᠳᠠᠰ ᠠᠮᠢᠯᠠᠬᠤ ᠶᠤᠮ

ᠳᠦᠷᠭᠡᠨ ᠭᠦᠭ᠍ᠵᠢᠭᠦ ᠶᠢᠨ ᠪᠠᠯᠭᠡᠳᠡᠯ ᠪᠣᠯᠤᠭᠰᠠᠨ

ᠳᠠᠷᠢᠯᠭ᠎ᠠ ᠶᠢᠨ ᠠᠵᠢᠯ ᠶᠢᠡᠨ ᠡᠭᠢᠯᠡᠭᠦ ᠶᠤᠮ

ᠰᠢᠮᠡᠯᠢᠭ᠌ ᠰᠥᠪᠠᠷᠭᠡᠭ᠌ ᠭᠦᠷᠦᠰᠤᠨ ᠳᠤ

ᠰᠢᠰᠢ ᠶᠢᠨ ᠦᠷ᠎ᠡ ᠶᠢ ᠳᠠᠷᠢᠶ᠎ᠠ

ᠰᠢᠮ᠎ᠠ ᠳᠡᠵᠢᠭᠡᠯ ᠢ ᠭᠦᠢᠴᠡᠳ ᠭᠦᠷᠳᠡᠵᠤ

ᠰᠢᠯᠢᠳᠡᠭ᠌ ᠬᠤᠷᠢᠶᠠᠯᠳᠠ ᠣᠯᠬᠤ ᠶᠤᠮ

ᠭᠡᠭᠦᠳᠡᠭ᠌ ᠴᠡᠭᠡᠵᠢᠨ ᠤ ᠭᠦᠡᠳᠡᠢ ᠳ᠋ᠤ

ᠭᠡᠳᠤ ᠶᠢᠨ ᠵᠤᠷᠢᠯᠳᠠ ᠪᠠᠨ ᠵᠠᠢ᠌ᠯᠠᠶ᠎ᠠ

ᠭᠦᠯᠦᠰᠤ ᠣᠷᠤᠰᠬᠠᠭᠰᠠᠨ ᠤ ᠠᠴᠢ ᠪᠠᠷ

ᠭᠦᠭᠡ ᠭᠦᠰᠡᠯ ᠮᠢᠨᠢ ᠪᠠᠶᠡᠯᠡᠭᠦ ᠶᠤᠮ

ᠨᠡᠢ᠌ᠭᠡᠮ ᠨᠠᠢ᠌ᠳᠠ ᠶᠢᠨ ᠳᠤᠭᠤᠷᠢᠨ ᠳ᠋ᠤ

ᠨᠠᠢ᠌ᠷᠠᠮᠳᠠᠯ ᠤᠨ ᠴᠡᠴᠡᠭ᠌ ᠢ ᠰᠠᠭᠤᠯᠭᠠᠶ᠎ᠠ

ᠨᠢᠩᠵᠢᠨ ᠰᠡᠳᠭᠢᠯ ᠶᠢᠠᠷ ᠠᠮᠢᠰᠬᠤᠭᠰᠠᠨ

ᠨᠠᠢ᠌ᠷᠰᠠᠭ ᠠᠭᠠᠷ ᠢ ᠥᠨᠦᠷᠳᠡᠭᠦᠯᠭᠦ ᠶᠤᠮ

ᠪᠢᠰᠢᠭᠦᠢ ᠣᠯᠠᠨ ᠰᠤᠷᠤᠭᠴᠢᠳ ᠤᠨ ᠣᠶᠤᠨ ᠳ᠋ᠤ

ᠪᠢᠯᠢᠭ᠌ ᠤᠨ ᠮᠤᠳᠤ ᠶᠢ ᠣᠷᠭᠤᠭᠤᠯᠤᠶ᠎ᠠ

ᠪᠢᠨᠳᠠᠷᠢᠶ᠎ᠠ ᠴᠡᠩᠭᠡᠷ ᠳᠡᠯᠡᠭᠡᠢ ᠳ᠋ᠤ

ᠪᠢᠴᠢᠭ᠌ ᠡᠷᠳᠡᠮ ᠰᠤᠯᠤᠩᠭ᠋ᠠᠷᠠᠬᠤ ᠶᠤᠮ᠃


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠠᠵᠢᠯ ᠮᠡᠷᠭᠡᠵᠢᠯ ᠤᠨ ᠰᠤᠷᠭᠠᠭᠤᠯᠢ

ᠵᠤᠬᠢᠶᠠᠭᠴᠢ᠄ ᠠ᠊·ᠰᠠᠴᠠᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 10729
ᠴᠠᠭ᠄ 2012 ᠤᠨ ᠤ 02 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ