ᠨᠡᠪᠲᠡᠷᠡᠨ ᠤᠷᠤᠬᠤ
ᠤᠷᠤᠰᠬᠠᠯ ᠣᠷᠤᠭᠤᠳᠠᠭᠰᠠᠨ ᠨᠡᠭᠦᠳᠡᠯ

ᠬᠤᠭᠤᠷᠤ ᠵᠠᠭᠤᠷ᠎ᠠ ᠪᠠᠨ 50 ᠊ᠭᠠᠤᠨ ᠮᠸᠲ᠋ᠷ ᠭᠢᠷᠢᠳᠠᠢ ᠡᠮᠦᠨᠡᠰᠢᠯᠡᠭᠦ ᠰᠦᠷᠦᠭ᠌ ᠰᠦᠷᠦᠭ᠌ ᠬᠤᠨᠢᠳ ᠰᠤᠯᠢᠳᠤ ᠶᠢᠨ ᠭᠤᠤᠯ ᠢ ᠥᠭ᠍ᠰᠤᠨ ᠡᠵᠡᠨ ᠶᠢᠡᠨ ᠭᠦᠢᠴᠡᠭᠡᠯ ᠦᠭᠡᠶ ᠲᠠᠷᠬᠠᠬᠤ ᠳᠤ ᠳᠡᠷᠢᠭᠦᠨ ᠰᠦᠷᠦᠭ᠌ ᠶᠢᠡᠨ ᠰᠡᠭᠦᠯᠳᠡᠭ᠍ᠰᠡᠨ ᠡᠵᠡᠨ ᠨᠢ ᠬᠣᠢ᠌ᠳᠤ ᠰᠦᠷᠦᠭ᠌ ᠢ ᠬᠠᠰᠢᠵᠤ ᠬᠤᠷᠢᠨ ᠰᠢᠷᠦᠭᠦᠨ ᠶᠠᠪᠣᠬᠤ ᠳᠤ ᠦᠨᠳᠦᠷ ᠭᠦᠳᠦᠯ ᠤᠨ ᠭᠠᠨᠤ ᠳᠡᠭᠡᠷ᠎ᠡ ᠳᠡᠮᠡᠭᠡᠨ ᠵᠢᠩ ᠤᠨ ᠴᠦᠷᠭᠦᠯᠡᠭᠡ ᠰᠢᠭ᠌ ᠠᠷᠪᠠ ᠰᠢᠬᠠᠮ ᠠᠴᠢᠶᠠᠨ ᠤ ᠪᠠᠭ᠎ᠠ ᠮᠠᠰᠢᠨ ᠡᠮᠤᠨ᠎ᠡ ᠬᠣᠢ᠌ᠨ᠎ᠠ ᠪᠠᠨ ᠡᠩᠨᠡᠷᠡᠨ ᠵᠤᠰᠤᠭᠠᠤᠨ ᠳᠤᠰ ᠳᠤᠰ ᠲᠤ ᠪᠠᠨ ᠳᠤᠯᠭ᠎ᠠ ᠳᠤᠭᠤᠭ᠎ᠠ ᠪᠠᠨ ᠪᠣᠰᠬᠠᠭᠰᠠᠨ ᠣᠳᠤᠷᠴᠢᠨ ᠵᠠᠯᠠᠭᠤᠰ ᠱᠠᠯᠠᠪᠭᠢᠨ ᠭᠦᠳᠡᠯᠵᠤ ᠠᠶᠠᠨ ᠤ ᠬᠤᠭᠤᠯᠠ ᠪᠠᠵᠠᠭᠠᠵᠤ ᠶᠠᠭᠠᠷᠠᠯᠳᠤᠨ᠎ᠠ᠃ 《ᠨᠠᠳᠠᠳᠤ ᠵᠠᠭᠠᠭ ᠬᠤᠷᠢᠭ᠎ᠠ ᠦᠭᠡᠶ᠂ ᠴᠢᠯᠦᠭᠡᠳᠡᠢ》 ᠭᠡᠭᠦ ᠰᠢᠤᠬᠠᠨ ᠬᠤᠳᠠᠴᠢ ᠨᠤᠬᠠᠢ᠌ᠳ ᠤᠨ ᠡᠩᠨᠡᠭᠡ ᠡᠨᠡ ᠬᠤᠳᠠ ᠡᠴᠠ ᠳᠠᠷᠠ ᠰᠦᠷᠦᠭ᠌ ᠥᠭᠡᠳᠡ᠂ ᠵᠡᠭᠦᠨ ᠳᠠᠯ᠎ᠠ ᠡᠴᠠ ᠪᠠᠷᠠᠭᠤᠨ ᠵᠥᠭ᠌ ᠣᠷᠤᠭᠤ ᠣᠷᠤᠯᠳᠤᠨ ᠬᠤᠯᠠᠳᠴᠤ ᠬᠠᠪᠣᠷ ᠤᠨ ᠦᠷᠯᠦᠭᠡ ᠶᠢᠨ ᠣᠷᠤᠭ ᠰᠠᠭᠠᠷᠠᠯ ᠵᠡᠷᠭᠡᠯᠭᠡᠨ ᠳᠤ ᠬᠠᠶᠠ ᠳᠤ ᠪᠠᠨ ᠳᠤᠮᠤᠷᠠᠵᠤ᠂ ᠬᠠᠶᠠ ᠳᠤ ᠪᠠᠨ ᠵᠢᠵᠢᠭ᠍ᠷᠡᠨ ᠬᠠᠷᠠᠭᠳᠠᠵᠤ᠂ ᠪᠠᠷᠠᠭᠠᠨ ᠤ ᠭᠠᠵᠠᠷ ᠡᠴᠠ ᠣᠷᠤᠯᠳᠤᠨ ᠢᠷᠡᠭᠦ ᠬᠤᠷᠳᠤᠨ ᠭᠦᠯᠦᠭ᠌ ᠤᠳ ᠴᠤ ᠭᠡᠮᠡᠷ᠂ ᠨᠡᠯᠦᠭᠡᠷ ᠶᠡᠭᠡ ᠳᠠᠯᠠᠢ ᠳᠡᠭᠡᠷᠡᠭᠢ ᠵᠢᠵᠢᠭ᠌ ᠰᠠᠯ ᠴᠤ ᠰᠢᠭ᠌᠂ ᠬᠠᠷᠠᠭᠠᠨ ᠤ ᠭᠢᠵᠠᠭᠠᠷ ᠲᠤ ᠪᠦᠷᠳᠦᠯᠵᠡᠨ ᠵᠢᠪᠪᠦᠭ᠍ᠰᠡᠨ ᠶᠢᠡᠨ ᠨᠢᠭᠡ ᠭᠤᠳᠤᠯᠢ ᠳᠠᠮᠠᠭᠢ ᠳᠠᠳᠠᠬᠤ ᠭᠢᠷᠢ ᠳᠤ ᠬᠤᠳᠠᠴᠢ ᠨᠤᠬᠠᠢ᠌ᠳ ᠭᠡᠳᠥᠢᠨᠢ ᠠᠴᠢᠶ᠎ᠠ ᠭᠦᠰᠭᠡ ᠪᠠᠨ ᠦᠨᠦᠷᠯᠠᠨ ᠢᠷᠡᠭᠡᠳ ᠡᠵᠡᠨ ᠤ ᠪᠠᠨ ᠡᠭᠦᠪᠠᠷ ᠳᠡᠭᠦᠪᠠᠷ ᠡᠷᠭᠢᠯᠳᠤᠨ ᠰᠡᠭᠦᠯ ᠰᠢᠷᠪᠠᠨ ᠭᠦᠶ‍ᠦᠯᠳᠦᠵᠤ ᠵᠠᠩᠵᠤᠨ ᠨᠤᠶᠠᠤᠨ ᠡᠴᠠ ᠵᠠᠷᠯᠢᠭ ᠭᠦᠯᠢᠶᠡᠭ᠍ᠰᠡᠨ ᠰᠢᠳᠤᠷᠭᠤ ᠲᠦᠰᠢᠮᠠᠤᠨ ᠰᠢᠦᠬᠠᠨ ᠠᠪᠣᠷᠢᠯᠠᠨ᠎ᠠ᠃

ᠡᠨᠡ ᠴᠤᠪᠣᠭ᠎ᠠ ᠨᠡᠭᠦᠳᠡᠯ ᠪᠣᠯ ᠮᠥᠩᠭᠦᠨ ᠳᠤᠯᠢ ᠶᠢ ᠴᠢᠭᠯᠡᠭ᠍ᠰᠡᠨ ᠰᠤᠯᠢᠳᠤ ᠰᠤᠮᠤᠨ ᠤ ᠣᠳᠤᠷᠴᠢᠨ ᠤ ᠡᠩᠨᠡᠭᠡ ᠪᠠᠢ᠌ᠪᠠ᠃ ᠮᠥᠩᠭᠦᠨ ᠳᠤᠯᠢ ᠭᠡᠵᠤ ᠰᠤᠯᠢᠳᠤ ᠰᠤᠮᠤᠨ ᠤ ᠮᠠᠯᠴᠢᠳ ᠤᠨ 《ᠮᠠᠩᠵᠢᠨ ᠳᠤᠭᠤᠭ᠎ᠠ》 ᠭᠡᠯᠳᠡᠢ᠃ ᠮᠠᠯ ᠪᠠᠯᠴᠢᠭᠡᠷ ᠢ ᠭᠡᠷ ᠣᠷᠤᠨ ᠳᠤ ᠳᠠᠭᠠᠭᠠᠴᠢᠯᠠᠭᠤᠯᠤᠭᠰᠠᠨ ᠡᠴᠠ ᠢᠨᠠᠭᠰᠢ ᠴᠤᠷ ᠤᠨ ᠭᠠᠭᠴᠠ 《ᠬᠤᠷᠰᠢᠶᠠᠵᠠᠯ ᠤᠨ ᠳᠠᠯᠠᠪᠠᠢ》 ᠰᠢᠤᠬᠠᠨ ᠡ᠊ᠨᠳᠡᠭᠢ ᠮᠠᠯᠴᠢᠳ ᠤᠨ ᠬᠠᠮᠳᠤ ᠶᠢᠨ ᠨᠤᠳᠤᠭ ᠪᠣᠯᠵᠤ᠂ ᠠᠢ᠌ᠯ ᠦᠷᠦᠭᠡ ᠶᠢᠨ ᠬᠠᠶᠠᠭ᠎ᠠ ᠵᠠᠭᠠᠭ ᠭᠡᠵᠤ ᠦᠭᠡᠶ᠂ ᠳᠦᠭᠡ ᠭᠢᠷᠢᠳᠡᠢ ᠨᠤᠳᠤᠭ ᠶᠢᠡᠨ ᠳᠤᠭᠤᠷᠢᠵᠤ ᠭᠡᠰᠤᠨ᠂ ᠮᠠᠯ ᠰᠦᠷᠦᠭ᠌᠂ ᠮᠠᠯᠴᠢᠨ ᠡᠵᠡᠨ ᠲᠡᠶ ᠰᠠᠨᠠᠭ᠎ᠠ ᠳᠠᠯᠪᠢᠭᠳᠠᠵᠤ ᠶᠠᠪᠣᠳᠠᠭ ᠥᠡᠳᠦᠷᠯᠢᠭ᠌ ᠣᠷᠤᠨ ᠤ ᠦᠳᠭᠡᠨ ᠰᠠᠢ᠌ᠬᠠᠨ ᠵᠤᠰᠠᠯᠠᠩ ᠪᠠᠢ᠌ᠯ᠎ᠠ᠃ ᠰᠢᠳᠠᠷ᠎ᠠ ᠶᠢᠨ ᠭᠦᠩᠭᠡᠨ ᠭᠦᠯᠭᠡ ᠭᠡᠮᠡᠷ ᠬᠤᠪᠢᠳᠠᠭᠰᠠᠨ ᠨᠤᠳᠤᠭ ᠡᠴᠠ ᠪᠠᠨ ᠣᠳᠤᠷᠯᠠᠨ ᠶᠠᠪᠣᠭ᠎ᠠ ᠮᠠᠯᠴᠢᠳ ᠦᠨᠦᠳᠤᠷ ᠮᠥᠩᠭᠦᠨ ᠳᠤᠯᠢ ᠵᠥᠭ᠌ ᠨᠢᠭᠡᠳᠦᠯᠳᠡᠢ ᠨᠡᠭᠦᠵᠤ᠂ ᠭᠡᠨ ᠠᠯᠢᠨ ᠡᠴᠠ ᠪᠠᠨ ᠬᠤᠵᠢᠭᠳᠠᠯ ᠦᠭᠡᠶ ᠦᠣᠷ ᠴᠦᠤᠷ ᠶᠢᠡᠷ ᠰᠤᠯᠢᠳᠤ ᠶᠢᠨ ᠭᠤᠤᠯ ᠢ ᠥᠭ᠍ᠰᠦᠵᠤ ᠨᠡᠭᠦᠳᠡᠯᠯᠡᠨ ᠶᠠᠪᠣᠭ᠎ᠠ ᠨᠢ ᠡᠨᠡ ᠪᠠᠢ᠌ᠯ᠎ᠠ᠃

ᠦᠳᠡ ᠶᠢᠨ ᠪᠠᠷᠤᠭ ᠶᠢᠡᠷ ᠰᠤᠯᠢᠳᠤ ᠶᠢᠨ ᠭᠤᠤᠯ ᠢ ᠣᠷᠤᠭᠤᠳᠠᠨ ᠭᠤᠷᠪᠠᠨ ᠰᠦᠷᠦᠭ᠌ ᠢᠮᠠᠭ᠎ᠠ ᠳᠠᠢ᠌ᠯᠤᠩᠭᠢ ᠳᠠᠪᠢ ᠵᠢᠷᠠᠭᠠᠤᠨ ᠮᠠᠯ ᠢ ᠳᠤᠰᠪᠣᠷᠢ ᠭᠤᠷᠪᠠᠨ ᠳᠦᠷᠪᠠᠨ ᠭᠦᠮᠤᠨ ᠭᠦᠷᠢᠶᠡᠯᠡᠵᠤ ᠪᠦᠰᠡᠯᠡᠨ ᠮᠢᠯᠢᠶᠠᠳᠠᠵᠤ ᠳᠠᠰᠢᠭᠤᠷᠳᠠᠨ᠂ ᠳᠤᠭᠤᠰᠤᠷᠠᠭᠤᠯᠵᠤ ᠡᠯᠳᠡᠨ ᠭᠦᠭᠡᠭᠡᠪᠠᠴᠤ ᠭᠠᠵᠠᠷ ᠳᠠᠮᠠᠢ ᠳᠦᠭᠦᠭᠦ ᠦᠭᠡᠶ᠃ ᠳᠡᠩᠳᠡᠭᠦᠤ ᠬᠤᠯᠠ ᠡᠴᠠ ᠭᠡᠳᠦᠷᠭᠡᠢ ᠰᠢᠷᠦᠭᠦᠨ ᠳᠠᠭᠤᠭᠳᠠᠵᠤ ᠶᠠᠪᠣᠭ᠎ᠠ ᠪᠣᠶᠤ ᠰᠦᠷᠡᠭᠡᠢ ᠰᠢᠬᠠᠮᠳᠠᠭᠤᠯᠭ᠎ᠠ ᠪᠠᠷ ᠠᠯᠪᠠᠳᠠᠨ ᠭᠦᠭᠡᠭᠡᠭ᠍ᠳᠡᠵᠤ ᠶᠠᠪᠣᠭ᠎ᠠ ᠪᠣᠯᠪᠠᠤ ᠭᠡᠯᠳᠡᠢ ᠳᠤᠷᠠᠮᠵᠢᠬᠠᠨ ᠭᠡᠯᠳᠦᠷᠢᠵᠤ ᠠᠢ᠌ᠰᠤᠢ᠃ ᠡᠴᠡᠵᠤ ᠳᠠᠮᠢᠷᠳᠠᠭᠰᠠᠨ ᠮᠠᠯᠴᠢᠨ ᠨᠢ ᠴᠢᠯᠦᠭᠡᠳᠢ ᠨᠢᠭᠡ ᠠᠮᠢᠰᠬᠤᠯ ᠠᠪᠴᠤ᠂ ᠲᠦᠷ ᠭᠦᠯ ᠠᠮᠠᠷᠠᠵᠤ ᠰᠠᠭᠤᠪᠠᠯ ᠳᠠᠭᠤᠭᠳᠠᠵᠤ ᠶᠠᠪᠣᠭᠰᠠᠨ ᠮᠠᠯ ᠨᠢ ᠳᠠᠷᠣᠢ᠌ᠬᠠᠨ ᠪᠦᠭᠡᠮᠨᠡᠷᠡᠵᠤ ᠵᠤᠭᠰᠤᠨ ᠬᠤᠭᠤᠷᠤ ᠵᠠᠭᠤᠷ᠎ᠠ ᠪᠠᠨ ᠳᠠᠭᠤ ᠠᠪᠣᠯᠴᠠᠨ᠂ ᠠᠷᠤ ᠬᠣᠢ᠌ᠰᠢ ᠪᠠᠨ ᠡᠷᠭᠢᠵᠤ ᠮᠠᠢ᠌ᠯᠠᠯᠳᠤᠵᠤ ᠵᠤᠭᠰᠤᠨ᠎ᠠ᠃

ᠰᠤᠯᠢᠳᠤ ᠪᠠᠯᠭᠠᠰᠤ ᠶᠢ ᠴᠢᠭᠯᠡᠭ᠍ᠰᠡᠨ ᠭᠦᠳᠡᠭᠡ ᠶᠢᠨ ᠰᠢᠷ᠎ᠠ ᠵᠠᠮ ᠶᠢᠡᠷ ᠭᠦᠡᠵᠢᠯᠡ ᠬᠤᠪᠴᠠᠰᠤ᠂ ᠳᠤᠭᠤᠭ᠎ᠠ ᠰᠢᠨᠠᠭ᠎ᠠ ᠵᠡᠷᠭᠡ ᠳᠦᠭᠦᠮᠭᠡᠨ ᠡᠳ᠋ᠯᠡᠯ ᠭᠡᠷᠡᠭᠯᠡᠯ ᠢ ᠣᠠᠳᠤᠢ ᠰᠤᠠᠳᠤᠢ ᠠᠴᠢᠶᠠᠯᠠᠭᠰᠠᠨ ᠭᠠᠷ ᠳᠦᠰᠢᠭᠦᠷᠢᠳᠤ ᠳᠷᠠᠺᠲ᠋ᠤᠷ ᠳᠡᠭᠡᠷ᠎ᠡ ᠬᠠᠯᠳᠠᠷ ᠪᠣᠯᠳᠠᠷ ᠨᠢᠭᠤᠷ ᠴᠢᠷᠠᠢ ᠨᠢ ᠦᠯᠦᠨ ᠰᠢᠷᠭᠠᠯ ᠳᠤᠭᠤᠰᠤᠨ ᠳᠤ ᠥᠩᠭᠡᠯᠡᠭ᠍ᠳᠡᠨ᠂ ᠬᠠᠢ᠌ᠯ ᠤᠨ ᠣᠷᠤᠰᠬᠠᠯ ᠰᠢᠤᠬᠠᠨ ᠬᠤᠶᠠᠷ ᠰᠠᠯᠠᠭ᠎ᠠ ᠨᠢᠯᠪᠣᠰᠤᠨ ᠣᠷᠤᠮ ᠬᠠᠮᠠᠷ ᠬᠠᠪᠴᠢᠨ ᠥᠯᠡᠳᠡᠭ᠍ᠰᠡᠨ ᠭᠦᠤ ᠪᠠᠭ᠎ᠠ ᠬᠤᠶᠠᠷ ᠵᠡᠷᠭᠡᠴᠡᠨ ᠰᠠᠭᠤᠵᠤ᠂ ᠴᠠᠭᠠᠨ᠎ᠠ ᠪᠠᠨ ᠶᠡᠭᠡ ᠪᠣᠭᠢᠨᠢᠳᠤᠯ ᠲᠡᠶ ᠭᠤᠨᠢᠷᠬᠠᠵᠤ ᠶᠠᠪᠣᠨ᠎ᠠ᠃ ᠳᠷᠠᠺᠲ᠋ᠤᠷ ᠵᠢᠯᠤᠭᠤᠳᠤᠭᠰᠠᠨ ᠡᠴᠡᠩᠭᠡᠷ ᠬᠠᠷ᠎ᠠ ᠡᠪᠦᠭᠡᠨ ᠵᠠᠪ ᠴᠢᠯᠦᠭᠡ ᠦᠭᠡᠶ ᠳᠠᠮᠠᠭᠢ ᠪᠠᠭᠠᠭᠢᠭᠤᠯᠤᠨ ᠪᠣᠳᠤᠯ ᠤᠨ ᠮᠠᠨᠠᠨ ᠳᠤ ᠳᠦᠭᠡᠷᠡᠵᠤ ᠶᠠᠪᠣᠬᠤ ᠳᠤ ᠣᠷᠳᠤ ᠨᠠᠷᠢᠨ ᠳᠠᠮᠤᠷ ᠭᠢᠠᠵᠢ ᠪᠠᠷ ᠭᠦᠳᠦᠯᠦᠭ᠍ᠳᠡᠭ᠍ᠰᠡᠨ ᠬᠤᠳᠠᠴᠢ ᠬᠠᠯᠳᠠᠷ ᠨᠤᠬᠠᠢ ᠣᠢ᠌ᠯᠠᠨ ᠭᠢᠨᠠᠵᠤ ᠴᠢᠷᠦᠭ᠍ᠳᠡᠵᠤ ᠣᠢ᠌ᠯᠠ ᠪᠠᠨ ᠦᠵᠡᠵᠤ ᠶᠠᠪᠣᠨ᠎ᠠ᠃

ᠡᠨᠡ ᠡᠷ᠎ᠡ ᠶᠢ ᠪᠢᠳᠡᠭᠦᠤ ᠪᠠᠭᠰᠤᠷ ᠭᠡᠳᠡᠭ᠌᠃ ᠭᠡᠪᠳᠡᠭᠡ ᠬᠤᠨᠢ ᠶᠢ ᠦᠷᠭᠦᠭᠡᠯ ᠦᠭᠡᠶ ᠮᠤᠷᠣᠢ᠌ᠵᠤ ᠭᠠᠷᠳᠠᠭ᠂ ᠪᠣᠰᠤᠭ᠎ᠠ ᠱᠠᠭᠰᠢᠭ ᠢ ᠬᠤᠭᠤᠯ ᠦᠭᠡᠶ ᠳᠤᠭᠤᠷᠢᠵᠤ ᠶᠠᠪᠣᠳᠠᠭ ᠳᠦᠷᠤᠯᠭᠢ ᠶᠢᠨ ᠳᠤᠭᠤᠢ ᠨᠤᠮᠤᠬᠠᠨ ᠭᠦᠮᠤᠨ ᠪᠠᠢ᠌ᠵᠤ᠂ ᠰᠤᠷᠭᠠᠭᠤᠯᠢ ᠰᠤᠶᠤᠯ ᠶᠠᠷᠤ ᠭᠦᠷᠳᠡᠭᠡ ᠦᠭᠡᠶ᠂ ᠰᠦᠷᠦᠭ᠌ ᠤᠨ ᠳᠤᠭᠤᠰᠤᠨ ᠳᠤ ᠨᠠᠰᠤ ᠡᠯᠡᠭᠡᠵᠤ᠂ ᠬᠤᠳᠠ ᠪᠠᠯᠭᠠᠰᠤ ᠳᠤᠭᠤᠷᠢᠬᠤ ᠶᠢ ᠪᠣᠤ ᠶᠠᠷᠢ᠂ ᠰᠤᠮᠤᠨ ᠲᠦᠪ ᠲᠤ ᠭᠦᠷᠭᠦ ᠨᠢ ᠡᠳᠦᠷ ᠤᠨ ᠣᠳᠤ ᠭᠡᠯᠳᠡᠢ᠃ ᠳᠠᠨᠢᠵᠤ ᠮᠡᠳᠡᠭᠦ ᠦᠭᠡᠶ ᠭᠦᠮᠤᠨ ᠪᠠᠢ᠌ᠳᠤᠭᠠᠢ᠂ ᠳᠠᠨᠢᠯ ᠳᠠᠰᠤᠯ ᠨᠥᠭᠦᠤᠨ ᠵᠠᠭᠤᠷ᠎ᠠ ᠲᠡᠶ ᠴᠤ ᠪᠠᠷᠤᠭᠳᠠᠢ ᠠᠮᠠ ᠬᠤᠯᠢᠵᠤ᠂ ᠵᠠᠩᠭᠢ ᠰᠤᠯᠢᠯᠴᠠᠳᠠᠭ ᠦᠭᠡᠶ᠃ ᠪᠠᠭᠰᠤᠷ ᠢᠩᠭᠢᠵᠤ ᠡᠨᠡ ᠳᠠᠷᠠ ᠲᠡᠶ ᠵᠤᠭᠤᠭᠳᠠᠬᠤ ᠦᠭᠡᠶ᠂ ᠬᠤᠯᠠ ᠤᠢ᠌ᠷ᠎ᠡ ᠪᠠᠷ ᠳᠤᠭᠤᠷᠢᠬᠤ ᠦᠭᠡᠶ᠂ ᠡᠳᠦᠷᠵᠢᠨ ᠬᠤᠨᠢ ᠮᠠᠯ ᠲᠡᠶ ᠪᠠᠨ 《ᠵᠠᠩᠭᠢᠴᠠᠵᠤ》 ᠠᠯᠢᠪᠠ ᠤᠢ᠌ᠳᠬᠠᠷ ᠪᠣᠭᠢᠨᠢᠳᠤᠯ ᠶᠢᠡᠨ ᠰᠡᠷᠭᠦᠭᠡᠵᠤ ᠶᠠᠪᠤᠨ᠂ ᠬᠤᠯᠠᠭᠢ ᠶ‍ᠢᠷᠳᠢᠠᠴᠤ ᠡᠴᠠ ᠰᠢᠭᠤᠳ ᠳᠤᠰᠠᠭᠠᠷᠯᠠᠭᠳᠠᠵᠤ᠂ ᠬᠤᠳᠠ ᠬᠤᠷᠤᠭ᠎ᠠ ᠳᠤ ᠪᠠᠨ ᠨᠢᠭᠳᠠ ᠪᠢᠳᠡᠭᠦᠮᠵᠢᠯᠡᠭ᠍ᠳᠡᠭ᠍ᠰᠡᠨ ᠡᠴᠠ ᠬᠤᠷᠠᠭ ᠤᠨ ᠨᠥᠭᠦᠤᠨ ᠲᠤ ᠪᠠᠨ 《ᠪᠢᠳᠡᠭᠦᠤ ᠪᠠᠭᠰᠤᠷ》 ᠭᠡᠵᠤ ᠴᠤᠯᠠᠯᠠᠭᠳᠠᠭᠰᠠᠨ ᠪᠠᠢ᠌ᠪᠠ᠃

ᠪᠢᠳᠡᠭᠦᠤ ᠪᠠᠭᠰᠤᠷ ᠦᠶ᠎ᠡ ᠬᠤᠷᠠᠭ ᠤᠨ ᠭᠢᠨ ᠲᠡᠶ ᠪᠠᠨ ᠥᠶᠡᠷᠭᠡᠵᠤ ᠶᠠᠪᠣᠯᠴᠠᠬᠤ ᠦᠭᠡᠶ᠂ ᠪᠠᠯᠴᠢᠭᠡᠷ ᠨᠤᠳᠤᠭ ᠤᠨ ᠵᠠᠬ᠎ᠠ ᠵᠠᠭᠠᠭ ᠡᠴᠠ ᠵᠠᠢ᠌ᠳᠠᠵᠤ ᠶᠠᠪᠣᠳᠠᠭ ᠦᠭᠡᠶ ᠡᠴᠠ ᠭᠤᠴᠢ ᠶᠢᠨ ᠳᠠᠪᠠᠭ᠎ᠠ ᠳᠠᠪᠠᠳᠠᠯ᠎ᠠ ᠪᠠᠨ ᠭᠤᠩ ᠪᠠᠶ᠎ᠠ ᠭᠤᠵᠤᠩ ᠳᠤᠯᠤᠭᠠᠢ ᠶᠠᠪᠣᠭ᠎ᠠ ᠪᠠᠢ᠌ᠬᠤᠯᠠᠷ ᠪᠠᠷᠢ ᠪᠠᠭᠤᠯᠭᠠᠵᠤ᠂ ᠠᠴᠢ ᠳᠡᠪᠡᠷᠢᠭᠦ ᠭᠡᠰᠡᠨ ᠡᠵᠢ ᠠᠪᠣ ᠨᠢ ᠭᠦᠤ ᠶᠢᠨ ᠶᠢᠡᠨ ᠨᠠᠰᠤᠨ ᠤ ᠶᠠᠪᠣᠳᠠᠯ ᠳᠤ ᠨᠢ ᠰᠠᠨᠠᠭᠠᠰᠢᠷᠠᠨ ᠳᠡᠰᠭᠦ ᠠᠯᠳᠠᠷᠠᠬᠤ ᠪᠦᠷᠢ 《ᠭᠦᠤ ᠮᠢᠨᠢ᠂ ᠭᠠᠯ ᠭᠤᠯᠤᠮᠳᠠ ᠶᠢ ᠪᠦᠯᠢᠶᠡᠰᠭᠡᠭᠦ ᠪᠠᠷᠢ ᠬᠠᠮᠢᠭ᠎ᠠ ᠡᠴᠠ ᠪᠠᠭᠤᠬᠤ ᠪᠠᠷ ᠪᠠᠢ᠌ᠨ᠎ᠠ ︖》 ᠭᠡᠳ ᠣᠯᠠᠠᠳᠠ ᠠᠰᠠᠭᠤᠵᠤ ᠰᠤᠷᠠᠭᠰᠠᠨ ᠪᠣᠯᠪᠠᠴᠤ 《ᠪᠢ ᠶᠠᠭᠠᠷᠠᠬᠤ ᠦᠭᠡᠶ ᠪᠠᠢ᠌ᠬᠤ ᠳᠤ ᠳᠠᠨᠤᠰ ᠰᠠᠠᠳᠤᠷᠤᠭᠠᠤᠨ ᠶᠠᠭᠠᠭᠢᠬᠤ ᠭᠡᠰᠡᠨ ᠶᠤᠮ》 ᠭᠡᠭᠦ ᠭᠠᠭᠴᠠ ᠥᠭᠡ ᠪᠠᠷ ᠮᠤᠬᠤᠯᠠᠭᠠᠤᠨ ᠪᠠᠢ᠌ᠬᠤᠯᠠᠷ 《ᠰᠢᠨ᠎ᠡ ᠪᠠᠷᠢ ᠶᠠᠭᠠᠷᠠᠬᠤ ᠳᠤ ᠰᠢᠷᠠᠮᠤᠨ ᠳᠤᠭᠤᠭ᠎ᠠ ᠶᠠᠭᠠᠷᠠᠬᠤ ᠦᠭᠡᠶ》 ᠭᠡᠭ᠍ᠴᠢ ᠪᠠᠷ ᠠᠷᠭ᠎ᠠ ᠠᠯᠳᠠᠷᠠᠭᠰᠠᠨ ᠠᠪᠣ ᠡᠵᠢ ᠬᠤᠶᠠᠷ ᠨᠢ ᠬᠠᠭᠤᠴᠢᠳ ᠤᠨ ᠣᠷᠤᠭ ᠤᠨ ᠶᠤᠰᠤ ᠶᠢ ᠮᠦᠷᠳᠠᠵᠤ᠂ ᠠᠰ ᠠᠰ ᠲᠤ ᠪᠠᠨ ᠪᠠᠷᠢ ᠶᠢᠨ 《ᠡᠷᠢᠯ》 ᠳ᠋ᠤ ᠮᠤᠷᠳᠠᠭᠰᠠᠨ ᠭᠡᠳᠡᠭ᠌᠃ ᠦᠶ᠎ᠡ ᠬᠤᠷᠠᠭ ᠤᠨ ᠭᠢᠰ ᠶᠢᠡᠷ ᠦᠯᠮᠡᠢ ᠴᠤᠪᠣᠷᠤᠤᠳᠠᠳᠠᠯ᠎ᠠ ᠭᠦᠶᠤᠨ ᠭᠡᠯᠡ ᠭᠦᠰᠢᠳᠡᠯ᠎ᠡ ᠶᠠᠷᠢᠯᠴᠠᠵᠤ ᠪᠠᠢ᠌ᠯ᠎ᠠ ᠭᠡᠳᠡᠭ᠌᠂ ᠬᠠᠷᠠᠮᠵᠢ ᠮᠦᠩᠭᠦ ᠵᠠᠷᠤᠴᠠᠭᠤᠯᠵᠤ ᠵᠠᠭᠤᠴᠢ ᠭᠡᠯᠮᠦᠷᠴᠢ ᠳᠤᠮᠢᠯᠠᠯ᠎ᠠ ᠴᠤ ᠭᠡᠰᠡᠨ᠃ ᠦᠷ᠎ᠡ ᠶᠢᠨ ᠶᠢᠡᠨ ᠲᠦᠯᠦᠭᠡ ᠳᠡᠮᠡᠤᠯᠡᠭᠦ ᠡᠵᠢ ᠠᠪᠣ ᠶᠢᠨ ᠰᠡᠳᠭᠢᠯ ᠳᠤ ᠪᠠᠶ᠎ᠠ ᠣᠬᠤᠷᠢᠵᠤ᠂ ᠵᠤᠷᠢᠭ ᠮᠤᠬᠤᠬᠤ ᠭᠦᠴᠢᠷ ᠭᠡᠵᠤ ᠬᠠᠮᠢᠭ᠎ᠠ ᠪᠠᠢ᠌ᠬᠤ ᠪᠣᠢ ⁈ ᠭᠡᠳᠥᠢᠴᠢᠨᠡᠨ ᠣᠳᠠᠭ᠎ᠠ ᠭᠡᠷᠡᠮ ᠮᠦᠷᠭᠦᠵᠤ᠂ ᠭᠡᠳᠦᠢ ᠬᠤᠷᠴᠠ ᠬᠠᠳᠠᠭᠠᠰᠤ ᠪᠠᠷ ᠰᠢᠪᠠᠭᠦᠯᠦᠯ᠎ᠡ ᠴᠤ 《ᠳᠤᠯᠤᠭᠠᠢ ᠴᠤᠭᠤᠷᠠᠪᠠᠴᠤ ᠳᠤᠭᠤᠷᠴᠤᠭ ᠳᠤᠳᠤᠷ᠎ᠠ ᠪᠠᠨ᠂ ᠳᠤᠬᠤᠢ ᠬᠠᠭᠠᠷᠠᠪᠠᠴᠤ ᠬᠠᠠᠴᠤᠢ ᠳᠤᠳᠤᠷ᠎ᠠ ᠪᠠᠨ》 ᠭᠡᠳᠡᠭ᠍ᠴᠢᠯᠡᠨ ᠰᠡᠳᠭᠢᠯ ᠳᠤ ᠪᠠᠨ ᠭᠤᠮᠤᠳᠠᠯ ᠲᠡᠶ ᠴᠤ ᠨᠢᠭᠤᠷ ᠲᠤ ᠪᠠᠨ ᠪᠠᠶᠠᠰᠤᠯ ᠲᠡᠶ ᠶᠠᠪᠣᠵᠤ᠂ ᠭᠤᠮᠤᠳᠠᠵᠤ ᠭᠤᠳᠤᠷᠬᠤ ᠪᠦᠷᠢ 《ᠦᠪᠡᠷ ᠶᠢᠡᠨ ᠣᠨᠠᠭᠰᠠᠨ ᠬᠡᠦᠬᠡᠳ ᠣᠭᠢᠯᠠᠳᠠᠭ ᠦᠭᠡᠶ》 ᠶᠤᠰᠤ ᠪᠠᠷ ᠵᠠᠶᠠᠭᠠᠨ ᠮᠠᠭᠤ ᠳᠤ ᠪᠠᠨ ᠭᠤᠮᠤᠳᠠᠵᠤ᠂ ᠵᠠᠬᠠᠨ ᠳᠤᠳᠤᠷ᠎ᠠ ᠪᠠᠨ ᠨᠢᠯᠪᠣᠵᠤ ᠶᠠᠪᠣᠬᠤ ᠳᠤ ᠪᠠᠨ ᠦᠪᠡᠷ ᠪᠠᠶ᠎ᠠ ᠪᠠᠨ ᠴᠢᠮᠠᠷᠯᠠᠭ᠎ᠠ ᠦᠭᠡᠶ᠂ ᠦᠮᠴᠢ ᠭᠦᠤ ᠪᠠᠨ ᠭᠤᠯᠤᠭ᠎ᠠ ᠦᠭᠡᠶ ᠶᠠᠪᠣᠭᠰᠠᠭᠠᠷ ᠪᠠᠢ᠌ᠵᠤ᠂ ᠡᠴᠦᠰ ᠲᠤ ᠪᠠᠨ ᠰᠠᠳᠠᠩ ᠰᠠᠮᠳᠠᠨ ᠤ ᠤᠳᠬᠠᠨ ᠪᠠᠭ᠎ᠠ ᠰᠠᠷᠵᠢᠯ ᠢ ᠥᠨᠦᠷᠯᠡᠭᠦ ᠬᠠᠮᠠᠷ ᠤᠨ ᠵᠠᠭᠠᠷ᠂ ᠦᠷᠤ ᠵᠢᠷᠦᠭᠡᠨ ᠤ ᠣᠷᠬᠤᠳᠠᠢ ᠪᠣᠯᠤᠭᠰᠠᠨ ᠪᠠᠷᠢ ᠪᠠᠭᠤᠯᠭᠠᠨ ᠠᠪᠣᠭᠠᠤᠨ ᠳᠠᠩᠰᠠᠨ ᠳᠤ ᠪᠠᠭᠰᠤᠷ ᠤᠨ ᠭᠢᠨ ᠳᠡᠮᠳᠡᠭᠯᠡᠭ᠍ᠳᠡᠵᠤ᠂ ᠳᠠᠪᠠᠭ᠎ᠠ ᠳᠤ ᠳᠠᠳᠠᠨ ᠤ ᠣᠳᠤᠭ᠎ᠠ ᠰᠤᠭᠤᠨᠠᠭᠯᠠᠵᠤ ᠪᠢᠯᠠ᠃

ᠦᠶ᠎ᠡ ᠬᠤᠷᠠᠭ ᠲᠤ ᠪᠠᠨ 《ᠪᠢᠳᠡᠭᠦᠤ》 ᠭᠡᠵᠤ ᠴᠤᠯᠠᠯᠠᠭᠳᠠᠭᠰᠠᠨ ᠴᠤ ᠣᠢ ᠣᠬᠠᠭᠠᠨ ᠨᠢ ᠪᠢᠳᠡᠭᠦᠤ ᠳᠦᠷᠦᠭᠡ ᠦᠭᠡᠶ ᠪᠠᠭᠰᠤᠷ ᠮᠠᠯ ᠠᠬᠤᠢ᠂ ᠣᠢ᠌ᠯᠠ ᠭᠢᠳᠠᠯ ᠳᠤ ᠪᠠᠨ ᠭᠠᠷᠮᠠᠭᠠᠢ᠌ᠯᠠᠵᠤ ᠵᠢᠳᠭᠦᠨ᠂ ᠭᠦᠢᠳᠡᠨ ᠰᠠᠯᠭᠢ ᠶᠢ ᠮᠠᠩᠨᠠᠢ ᠪᠠᠷ ᠳᠤᠭᠤᠯᠵᠤ᠂ ᠭᠦᠷ ᠴᠠᠰᠤ ᠶᠢ ᠡᠷᠡᠤ ᠪᠠᠷ ᠳᠤᠯᠤᠨ᠂ ᠦᠷᠦᠭᠡ ᠭᠡᠷ ᠶᠢᠡᠨ ᠠᠢ᠌ᠯ ᠤᠨ ᠠᠩᠬᠠᠨ ᠪᠢᠰᠢ ᠴᠤ ᠠᠳᠠᠭ ᠲᠤ ᠵᠢᠭᠰᠠᠭᠠᠭᠳᠠᠯ ᠦᠭᠡᠶ ᠡᠷᠭᠦᠨ ᠶᠠᠪᠣᠬᠤ ᠳᠤ ᠪᠠᠨ ᠭᠦᠤ ᠶᠢ ᠳᠡᠭ᠍ᠷᠢ ᠳᠤ᠂ ᠭᠡᠦᠭᠡᠨ ᠢ ᠭᠠᠵᠠᠷ ᠲᠤ ᠭᠡᠯᠭᠦᠢ ᠠᠳᠠᠯᠢᠬᠠᠨ ᠬᠤᠶᠠᠷ ᠦᠷ᠎ᠡ ᠲᠡᠶ ᠪᠣᠯᠤᠯ᠎ᠠ᠃

ᠳᠦᠷᠤ ᠭᠦᠷᠤᠨ ᠤ ᠭᠦᠳᠡᠭᠡ ᠳᠤᠰᠬᠤᠨ ᠤ ᠵᠦᠪ ᠣᠳᠤᠷᠢᠳᠤᠯᠭ᠎ᠠ᠂ ᠢᠯᠠᠩᠭ᠋ᠤᠶ᠎ᠠ ᠣᠯᠤᠰ ᠳᠠᠶᠠᠭᠠᠷ ᠡᠶ᠎ᠡ ᠨᠠᠢ᠌ᠷᠠᠮᠳᠠᠭᠤ ᠨᠡᠢ᠌ᠭᠡᠮ ᠢ ᠪᠠᠢ᠌ᠭᠤᠯᠵᠤ᠂ ᠰᠢᠨ᠎ᠡ ᠭᠦᠳᠡᠭᠡ ᠳᠤᠰᠬᠤᠨ ᠢ ᠴᠤᠭᠴᠠᠯᠠᠬᠤ ᠳᠦᠷᠤ ᠶᠢᠨ ᠪᠣᠳᠤᠯᠭ᠎ᠠ ᠪᠠᠷ ᠮᠠᠯᠴᠢᠳ ᠤᠨ ᠠᠵᠤ ᠠᠮᠢᠳᠤᠷᠠᠯ ᠤᠨ ᠭᠢᠷᠢ ᠲᠦᠪᠰᠢᠨ ᠳᠡᠭᠡᠭ᠍ᠰᠢᠯᠡᠭᠦ ᠶᠢ ᠳᠠᠭᠠᠯᠳᠤᠨ ᠪᠢᠳᠡᠭᠦᠤ ᠪᠠᠭᠰᠤᠷ ᠣᠤᠯ ᠤᠨ ᠭᠢ ᠡᠴᠠ ᠪᠠᠨ ᠬᠤᠪᠢ ᠳᠠᠭᠢᠨ ᠡᠷᠴᠢ ᠵᠤᠷᠢᠭ ᠴᠢᠩᠭ᠋ᠠᠯᠠᠨ᠂ ᠣᠢ᠌ᠯᠠᠰ ᠭᠢᠳᠠᠯ ᠳᠤ ᠪᠠᠨ ᠵᠡᠭᠡᠭᠡᠭ᠍ᠰᠡᠨ ᠠᠮᠵᠢᠯᠳᠠ ᠪᠦᠳᠦᠮᠵᠢ ᠲᠡᠶ ᠭᠢᠯᠠᠷᠠᠭᠤᠯᠵᠤ ᠶᠠᠪᠣᠭᠰᠠᠨ ᠡᠴᠠ ᠠᠢ᠌ᠯ ᠳᠤᠰᠬᠤᠨ ᠳᠤ ᠪᠠᠨ 《ᠰᠢᠯᠢᠳᠡᠭ᠌ ᠮᠠᠯᠴᠢᠨ》᠂ 《ᠭᠠᠪᠰᠢᠭᠠᠢ ᠵᠠᠯᠠᠭᠤ》 ᠁ ᠭᠡᠭᠦ ᠮᠠᠳᠤ ᠪᠠᠷ ᠰᠠᠢ᠌ᠰᠢᠶᠠᠭᠳᠠᠨ ᠮᠢᠯᠢᠶᠠᠭᠳᠠᠵᠤ ᠶᠠᠪᠣᠬᠤ ᠳᠤ ᠪᠠᠨ ᠠᠵᠢᠯ ᠣᠢ᠌ᠯᠠᠰ ᠲᠤ ᠪᠠᠨ ᠠᠮᠵᠢᠯᠳᠠ ᠳᠡᠭᠦᠰ ᠡᠷ᠎ᠡ ᠶᠢ ᠠᠷᠤ ᠭᠡᠷ ᠲᠤ ᠨᠢ ᠠᠭᠤᠤ ᠶᠡᠭᠡ ᠡᠭᠡᠨᠡᠷ ᠲᠦᠰᠢᠵᠤ ᠶᠠᠪᠣᠳᠠᠭ ᠭᠡᠰᠡᠨ ᠢ ᠪᠣᠳᠤᠵᠤ ᠡᠰᠡ ᠣᠯᠤᠭᠰᠠᠨ ᠨᠢ ᠣᠬᠠᠭ᠎ᠠ ᠪᠢᠳᠡᠭᠦᠤ ᠶᠢᠨ ᠣᠷᠰᠢᠭ ᠪᠣᠯᠵᠤ᠂ ᠡᠭᠡᠨᠡᠷ ᠶᠢᠡᠨ ᠬᠠᠯᠠᠳᠠᠢ ᠨᠢᠭᠡ ᠭᠤᠮᠤᠳᠠᠭᠰᠠᠨ ᠪᠠᠢ᠌ᠵᠠᠢ᠃

ᠰᠠᠷᠵᠢᠯ ᠭᠡᠵᠤ ᠦᠨᠳᠦᠷ ᠳᠤᠮᠳᠠᠳᠤ ᠶᠢᠨ ᠰᠤᠶᠤᠯ ᠤᠨ ᠨᠠᠮᠳᠠᠷ ᠲᠡᠶ᠂ ᠪᠠᠶ᠎ᠠ ᠳᠤ ᠪᠠᠨ ᠵᠦᠪᠯᠠᠵᠤ᠂ ᠪᠣᠰᠤᠳ ᠲᠤ ᠪᠠᠨ ᠪᠠᠭᠰᠢᠯᠠᠮᠠᠷ ᠭᠦᠳᠡᠭᠡ ᠶᠢᠨ 《ᠰᠡᠭᠡᠭᠡᠳᠡᠨ》 ᠪᠠᠢ᠌ᠵᠤ᠂ ᠣᠢ᠌ᠯᠠ ᠭᠢᠳᠠᠯ ᠳᠤ ᠪᠠᠨ ᠪᠠᠭᠰᠤᠷ ᠡᠴᠠ ᠳᠤᠳᠠᠭᠤᠳᠠᠮᠠᠷ ᠦᠭᠡᠶ ᠴᠢᠷᠮᠠᠢ᠌ᠯᠳᠠ ᠲᠡᠶ ᠪᠦᠭᠡᠳ ᠠᠮᠢᠳᠤᠷᠠᠯ ᠤᠨ ᠣᠬᠠᠭᠠᠨ ᠵᠦᠢ᠌ ᠳᠤ ᠪᠠᠭᠰᠤᠷ ᠲᠤ ᠮᠡᠷᠭᠡᠯᠡᠴᠢᠭᠡᠮᠡᠷ ᠣᠬᠠᠭ᠎ᠠ ᠰᠡᠷᠭᠦᠯᠡᠩ ᠪᠦᠰᠡᠭᠦᠢ ᠪᠠᠢ᠌ᠭᠰᠠᠨ ᠡᠴᠠ ᠪᠠᠭᠰᠤᠷ ᠲᠤ ᠨᠢᠭᠡ ᠮᠦᠷᠤ ᠶᠢᠨ ᠭᠦᠴᠤ ᠪᠣᠯᠵᠤ ᠶᠠᠪᠣᠭᠰᠠᠨ ᠰᠠᠨ᠃ 《ᠮᠡᠷᠭᠡᠨ ᠭᠦᠮᠤᠨ ᠠᠯᠳᠠᠪᠠᠯ ᠠᠯᠳᠠ ᠳᠠᠯᠢᠮ ᠶᠢᠡᠷ᠂ ᠮᠤᠩᠬᠠᠭ ᠭᠦᠮᠤᠨ ᠠᠯᠳᠠᠪᠠᠯ ᠢᠮᠠᠬᠤ ᠳᠦᠭᠡ ᠪᠠᠷ》 ᠭᠡᠵᠤ᠂ ᠰᠠᠷᠵᠢᠯ ᠤᠨ ᠦᠵᠡᠯᠳᠠ ᠣᠬᠠᠮᠰᠠᠷ ᠲᠤ ᠨᠢ ᠣᠳᠠᠭᠠᠨ ᠳᠠᠪᠠᠷ ᠲᠤ ᠪᠠᠨ ᠬᠠᠴᠢᠨ ᠡᠷᠭᠢᠯᠳᠡ ᠭᠠᠷᠴᠤ᠂ ᠪᠢᠳᠡᠭᠦᠤ ᠪᠠᠭᠰᠤᠷ ᠤᠨ ᠪᠣᠭᠤᠨᠢ ᠦᠷᠦᠭᠡ ᠳᠤ ᠪᠠᠶ᠎ᠠ ᠪᠠᠷᠢᠭᠳᠠᠨ᠂ ᠪᠣᠷᠤ ᠪᠦᠳᠦᠭᠦᠯᠢᠭ᠌ ᠮᠠᠯᠵᠢᠯ ᠠᠮᠢᠳᠤᠷᠠᠯ ᠳᠤ ᠰᠡᠳᠭᠢᠯ ᠬᠤᠷᠢᠭᠳᠠᠵᠤ᠂ ᠬᠠᠢ᠌ᠷ᠎ᠠ ᠰᠡᠳᠭᠢᠯ ᠳᠤ ᠨᠢ ᠠᠩ ᠴᠠᠪ ᠭᠠᠷᠴᠤ ᠡᠭᠢᠯᠡᠭᠡᠳ ᠪᠠᠭᠰᠤᠷ ᠲᠡᠶ ᠭᠡᠪᠠᠯ ᠰᠦᠷᠦᠭ᠌ ᠲᠤ ᠨᠡᠢ᠌ᠯᠡᠭᠦᠯᠪᠠᠯ ᠰᠢᠭᠡᠷ᠎ᠡ ᠨᠡᠢ᠌ᠯᠡᠭᠦ ᠦᠭᠡᠶ᠂ ᠦᠷᠦᠭᠡ ᠭᠡᠷ ᠲᠤ ᠪᠠᠨ ᠣᠷᠤᠪᠠᠯ ᠥᠭᠡ ᠬᠠᠮᠠᠷ ᠢᠵᠢᠯᠢᠰᠢᠭᠦ ᠪᠣᠯᠵᠤ ᠪᠠᠢ᠌ᠭᠰᠠᠨ ᠢ ᠰᠠᠷᠠᠵᠤ ᠣᠯᠤᠭᠰᠠᠨ ᠦᠭᠡᠶ ᠨᠢ ᠦᠶ᠎ᠡ ᠬᠤᠷᠠᠭ ᠤᠨ ᠭᠢᠨ ᠨᠢ ᠪᠠᠭᠰᠤᠷ ᠢ 《ᠪᠢᠳᠡᠭᠦᠤ》 ᠭᠡᠵᠤ ᠴᠤᠯᠠᠯᠠᠭᠰᠠᠨ ᠲᠡᠶ ᠠᠮᠠ ᠰᠡᠭᠡᠷ ᠨᠡᠢ᠌ᠯᠡᠭ᠍ᠰᠡᠨ ᠭᠡᠯᠳᠡᠢ᠃

ᠣᠷᠴᠢᠮ ᠤᠨ ᠬᠤᠶᠠᠷ ᠵᠢᠯ ᠪᠣᠯᠤᠭᠠᠤᠨ ᠰᠠᠷᠵᠢᠯ ᠦᠷᠦᠭᠡ ᠭᠡᠷ ᠶᠢᠡᠨ ᠳᠦᠪᠭᠢᠨᠡᠭᠦᠯᠭᠦ ᠪᠠᠢ᠌ᠳᠤᠭᠠᠢ᠂ ᠠᠵᠢᠯ ᠠᠯᠪᠠ ᠪᠠᠨ ᠳᠤᠳᠤᠮᠳᠠᠬᠤ ᠨᠢ ᠴᠤ ᠰᠤᠯᠠᠷᠠᠵᠤ᠂ ᠰᠤᠮᠤ ᠪᠠᠯᠭᠠᠰᠤ ᠪᠠᠷ ᠭᠡᠰᠦᠵᠤ ᠳᠠᠷᠪᠠᠨ᠂ ᠭᠦᠳᠡᠭᠡ ᠶᠢᠨ 《ᠵᠤᠴᠢᠨ》᠂ ᠪᠠᠯᠭᠠᠰᠤᠨ ᠤ 《ᠢᠷᠭᠡᠨ》 ᠭᠡᠮᠡᠷ᠃ ᠠᠷᠤ ᠭᠡᠷ ᠲᠤ ᠪᠠᠨ ᠬᠠᠶᠠ ᠨᠢᠭᠡ ᠬᠠᠷᠢᠵᠤ ᠢᠷᠠᠪᠠᠯ ᠭᠢᠳᠠᠤᠨ ᠮᠤᠩᠭ᠋ᠤᠯ ᠨᠢ ᠦᠯᠦ ᠢᠯᠭᠠᠭᠳᠠᠬᠤ ᠳᠠᠨᠢᠯ ᠪᠣᠰᠤ ᠭᠦᠮᠦᠰ ᠢ ᠳᠠᠭᠠᠭᠤᠯᠵᠤ ᠢᠷᠡᠭᠡᠳ 《ᠬᠤᠳᠠ ᠪᠠᠯᠭᠠᠰᠤᠨ ᠳᠤ ᠬᠤᠳᠠᠯᠳᠤᠭ᠎ᠠ ᠮᠠᠢ᠌ᠮᠠᠢ ᠡᠵᠡᠩᠨᠡᠵᠤ᠂ ᠪᠠᠯᠠ ᠣᠷᠤᠭᠤᠯᠤᠯᠳᠠ ᠨᠡᠮᠡᠷᠢᠯᠡᠭᠦ ᠴᠢᠬᠤᠯᠠᠳᠠᠢ ᠪᠣᠯᠤᠯ᠎ᠠ》 ᠭᠡᠳ ᠬᠤᠳᠠ ᠣᠷᠤᠭᠤ ᠪᠠᠨ ᠡᠷᠡᠭᠡᠯᠵᠡᠯ ᠳᠠᠳᠠᠭᠠᠯᠵᠠᠯ ᠦᠭᠡᠶ ᠭᠠᠷ ᠳᠦᠷᠤᠵᠤ᠂ ᠬᠤᠨᠢ ᠢᠮᠠᠭ᠎ᠠ ᠪᠠᠨ ᠰᠢᠭᠢᠷᠡᠳᠡᠵᠤ ᠠᠷᠢᠯᠳᠠᠭ ᠪᠣᠯᠪᠠ᠃ ᠳᠤᠭᠤᠢ ᠨᠤᠮᠴᠢᠨ ᠳᠡᠭᠡᠷ᠎ᠡ ᠪᠠᠨ ᠠᠵᠢᠯ ᠣᠢ᠌ᠯᠠ ᠳᠤ ᠪᠠᠨ ᠠᠮᠢᠰᠬᠤᠯ ᠳᠡᠭᠡᠷᠡᠳᠡᠵᠤ ᠵᠢᠳᠭᠦᠭ᠍ᠰᠡᠨ ᠪᠠᠭᠰᠤᠷ 《ᠪᠦᠰᠡᠭᠦᠢ ᠮᠢᠨᠢ ᠶᠡᠭᠡ ᠣᠢ᠌ᠯᠠ ᠪᠦᠳᠦᠭᠡᠵᠤ ᠶᠠᠪᠣᠭ᠎ᠠ ᠪᠠᠢ᠌ᠯᠳᠠᠢ》 ᠭᠡᠵᠤ ᠪᠣᠳᠤᠨ᠂ ᠠᠭᠤᠯᠵᠠᠬᠤ ᠭᠦᠮᠤᠨ ᠲᠡᠶ ᠵᠤᠭᠤᠭᠳᠠᠬᠤ ᠵᠠᠪ ᠦᠭᠡᠶ᠂ ᠣᠨᠠᠭᠰᠠᠨ ᠮᠠᠯᠠᠭᠠᠢ ᠪᠠᠨ ᠰᠢᠭᠦᠷᠭᠦ ᠴᠢᠯᠦᠭᠡ ᠦᠭᠡᠶ ᠭᠡᠮᠡᠷ ᠰᠢᠷᠭᠠᠭᠤ ᠠᠵᠢᠯᠯᠠᠵᠤ ᠶᠠᠪᠣᠬᠤ ᠳᠤ 《ᠪᠠᠭᠰᠤᠷ ᠤᠨ ᠪᠦᠰᠡᠭᠦᠢ ᠡᠰᠡᠨ ᠪᠣᠰᠠᠨ ᠭᠦᠮᠦᠰ ᠢ ᠳᠠᠭᠠᠵᠤ ᠳᠠᠩᠬᠠᠷᠠᠵᠤ ᠶᠠᠪᠣᠨ᠎ᠠ》 ᠭᠡᠭᠦ ᠪᠣᠶᠤ 《ᠰᠠᠷᠵᠢᠯ ᠴᠤᠬᠤᠷ ᠵᠠᠩᠵᠤᠨ ᠳᠤ ᠥᠭᠦᠨ ᠰᠢᠨᠤᠵᠤ ᠦᠷᠢ ᠲᠦᠯᠦᠭᠡᠰᠤ ᠳᠤ ᠭᠦᠨ ᠰᠢᠪᠠᠷᠳᠠᠵᠤ ᠪᠠᠢ᠌ᠨ᠎ᠠ》 ᠁ ᠭᠡᠭᠦ ᠮᠠᠳᠤ ᠠᠯᠢ ᠣᠯᠠᠨ ᠰᠤᠨᠤᠰᠪᠣᠷᠢ ᠮᠠᠭᠤᠳᠠᠢ ᠶᠠᠷᠢᠶ᠎ᠠ ᠢᠯᠠᠨ ᠳᠠᠯᠠᠨ ᠳᠡᠯᠭᠡᠷᠡᠭᠦ ᠪᠣᠯᠪᠠ᠃ ᠪᠠᠭᠰᠤᠷ ᠶᠠᠪᠣᠭᠠᠨ ᠳᠤ ᠪᠠᠨ ᠪᠦᠰᠡᠭᠦᠢ ᠳᠤ ᠪᠠᠨ ᠠᠵᠢᠭ ᠰᠡᠵᠢᠭ᠌ ᠳᠦᠷᠤᠵᠤ ᠬᠠᠶᠠ ᠨᠢᠭᠡ ᠵᠤᠷᠢᠭ ᠭᠠᠷᠭᠠᠵᠤ ᠦᠨᠡᠨ ᠭᠡᠷᠡᠭ᠌᠂ ᠵᠢᠩᠭᠢᠨᠢ ᠪᠠᠢ᠌ᠳᠠᠯ ᠢ ᠣᠢ᠌ᠯᠠᠭᠠᠵᠤ ᠮᠡᠳᠡᠭᠦ ᠰᠠᠨᠠᠭ᠎ᠠ ᠲᠡᠶ ᠥᠭᠡ ᠡᠳᠦᠪᠠᠯ 《ᠪᠢᠳᠠ ᠬᠤᠶᠠᠭᠤᠯᠠ ᠣᠷᠭᠤᠭ᠎ᠠ ᠭᠠᠭᠴᠠ ᠮᠤᠳᠤᠨ ᠡᠴᠠ ᠬᠠᠮᠳᠤ ᠪᠠᠷ ᠪᠣᠭᠤᠵᠤ ᠥᠭᠦᠯ ᠲᠡᠶ ᠪᠢᠰᠢ ᠬᠣᠢ᠌ᠨ᠎ᠠ ᠬᠤᠵᠢᠮ ᠢᠷᠡᠭᠡᠳᠦᠢ ᠶᠢᠨ ᠪᠠᠶᠠᠨ ᠳᠠᠩᠰᠤᠭ᠂ ᠵᠤᠯ ᠵᠢᠷᠭᠠᠯ ᠲᠡᠶ ᠠᠮᠢᠳᠤᠷᠠᠯ ᠢ ᠴᠤᠭᠴᠢᠯᠠᠬᠤ ᠳᠤ ᠠᠰ ᠠᠰ ᠲᠤ ᠪᠠᠨ ᠰᠡᠳᠭᠢᠯ ᠴᠥᠭᠦᠷᠡᠯ ᠦᠭᠡᠶ ᠴᠢᠷᠮᠠᠢ᠌ᠪᠠᠯ ᠥᠳᠡᠯᠦᠭᠡ ᠨᠠᠰᠤᠨ ᠤ ᠠᠮᠢᠳᠤᠷᠠᠯ ᠤᠨ ᠠᠯᠢᠪᠠ ᠰᠠᠢ᠌ᠨ ᠰᠠᠢ᠌ᠬᠠᠨ᠂ ᠥᠭᠡᠳᠡ ᠡᠰᠡᠷᠡᠭ᠌ ᠮᠠᠨ ᠢ ᠡᠭᠦᠷᠢᠳᠡ ᠢᠪᠠᠭᠡᠭᠦ ᠶᠤᠮ》 ᠭᠡᠭᠦ ᠪᠠᠯᠳᠤ ᠥᠭᠡ ᠪᠠᠷ ᠠᠮᠠ ᠳᠠᠭᠯᠠᠵᠤ᠂ ᠳᠤᠯᠤᠭᠠᠢ ᠡᠷᠭᠢᠭᠦᠯᠵᠤ ᠣᠷᠭᠢᠨ᠎ᠡ ᠪᠢᠯᠠ᠃

ᠪᠢᠳᠡᠭᠦᠤ ᠪᠠᠭᠰᠤᠷ ᠣᠬᠠᠭᠠᠷᠠᠵᠤ ᠨᠢᠭᠡ ᠰᠡᠷᠭᠦᠭᠦ ᠳᠤ 《ᠡᠯᠵᠢᠭᠡ ᠴᠤ ᠦᠭᠡᠶ᠂ ᠭᠤᠷᠪᠠ ᠯᠠᠩ ᠴᠤ ᠦᠭᠡᠶ》 ᠭᠡᠭ᠍ᠴᠢ ᠪᠣᠯᠵᠠᠢ᠃ ᠬᠠᠪᠣᠷ ᠤᠨ ᠭᠠᠴᠢᠭ ᠢ ᠴᠢᠮᠦᠭᠡ ᠳᠤᠠᠳᠠᠷᠠᠵᠤ᠂ ᠴᠢᠳᠠᠯ ᠮᠡᠭᠦᠰᠳᠡᠭᠦ ᠪᠣᠯᠳᠠᠯ᠎ᠠ ᠵᠢᠳᠭᠦᠵᠤ ᠣᠠᠳᠤᠷᠤᠭᠤᠯᠠᠭᠰᠠᠨ ᠮᠠᠯ ᠤᠨ ᠭᠢᠨᠢ ᠭᠦᠯ ᠨᠢ ᠭᠦᠩᠭᠡᠷᠡᠵᠤ᠂ ᠭᠦᠷᠦᠩᠭᠡ ᠮᠠᠯ ᠤᠨ ᠣᠷᠤᠭ᠎ᠠ ᠣᠷᠤᠵᠤ᠂ ᠴᠡᠴᠡᠭ᠍ᠳᠤ ᠵᠤᠨ ᠰᠠᠭᠠᠳᠠᠭᠠᠤᠨ᠂ ᠬᠠᠪᠣᠷᠵᠢᠶᠠᠨ ᠤ ᠦᠳᠭᠡᠨ ᠭᠦᠷᠡᠩ ᠪᠠᠭᠤᠷᠠᠢ ᠡᠴᠠ ᠪᠠᠨ ᠬᠣᠢ᠌ᠨ᠎ᠡ ᠬᠣᠢ᠌ᠨ᠎ᠡ ᠡᠴᠠ ᠪᠠᠨ ᠠᠴᠢᠶᠠᠯᠠᠨ ᠭᠠᠷᠴᠤ᠂ ᠥᠡᠳᠦᠷᠯᠢᠭ᠌ ᠤᠨ ᠣᠷᠤᠢ ᠰᠡᠭᠡᠷ ᠊᠊᠊᠊᠊᠊᠊᠊᠊᠊᠊᠊᠊᠊᠊ ᠮᠥᠩᠭᠦᠨ ᠳᠤᠯᠢ ᠵᠥᠭ᠌ ᠨᠡᠭᠦᠳᠡᠯᠯᠡᠵᠤ ᠭᠠᠷᠪᠠ᠃

ᠡ᠊ᠨᠳᠡᠭᠢ ᠮᠠᠯᠴᠢᠳ ᠡᠨᠡ ᠴᠠᠭ ᠶᠢᠡᠷ ᠡ᠊ᠨᠳᠡ ᠴᠤᠭᠯᠠᠷᠠᠨ ᠠᠢ᠌ᠯ ᠬᠤᠳᠠ ᠪᠠᠷ ᠶᠢᠡᠨ ᠬᠠᠮᠵᠢᠯᠴᠠᠵᠤ ᠳᠤᠰᠠᠯᠠᠯᠴᠠᠨ ᠬᠤᠨᠢ ᠪᠠᠨ ᠭᠢᠷᠭᠠᠵᠤ᠂ ᠠᠯᠢᠪᠠ ᠭᠢᠳᠠᠯ ᠶᠢᠡᠨ ᠳᠠᠭᠤᠰᠬᠠᠵᠤ ᠭᠦᠩᠭᠡᠷᠡᠭᠦᠯᠤᠨ ᠮᠥᠩᠭᠦᠨ ᠳᠤᠯᠢ ᠳᠠᠰᠢ ᠨᠡᠭᠦᠳᠡᠯᠯᠡᠳᠡᠭ᠌ ᠵᠤᠷᠰᠢᠯ ᠶᠢᠡᠷ ᠨᠡᠭᠦᠵᠤ ᠶᠠᠪᠣᠬᠤ ᠪᠠᠷ ᠪᠠᠯᠡᠭᠡᠨ ᠪᠣᠯᠤᠭᠰᠠᠨ ᠡᠨᠡ ᠦᠷᠯᠦᠭᠡ ᠰᠤᠷᠠᠭ ᠳᠠᠰᠤᠷᠠᠵᠤ ᠰᠠᠷ᠎ᠠ ᠭᠠᠷᠤᠢ ᠪᠣᠯᠤᠭᠰᠠᠨ ᠪᠦᠰᠡᠭᠦᠢ ᠰᠠᠷᠵᠢᠯ ᠨᠢ ᠭᠡᠳᠤᠨ ᠳᠠᠭᠠᠭᠰᠠᠤᠨ ᠤᠨ ᠬᠠᠮᠳᠤ ᠪᠠᠭᠤᠵᠤ᠂ ᠰᠦᠷᠦᠭ᠌ ᠮᠠᠯ ᠢ ᠨᠢ ᠰᠦᠷᠦᠭ᠌ ᠳᠠᠰᠤᠳᠠᠨ ᠭᠦᠭᠡᠭᠡᠵᠤ ᠠᠪᠬᠤ ᠳᠤ ᠬᠤᠳᠠ ᠭᠦᠷᠦᠩᠭᠡ ᠨᠢ ᠬᠠᠷᠠᠯᠠᠵᠤ᠂ ᠭᠦᠭᠡᠷᠦᠭᠦᠨ ᠬᠤᠶᠠᠷ ᠦᠷ᠎ᠡ ᠨᠢ ᠨᠢᠯᠬ᠎ᠠ ᠪᠠᠭ᠎ᠠ ᠪᠠᠷ ᠦᠨᠦᠴᠢᠷᠠᠨ᠂ ᠭᠠᠭᠴᠠ ᠬᠠᠯᠳᠠᠷ ᠨᠤᠬᠠᠢ ᠡᠴᠠ ᠥᠭᠡᠷ᠎ᠡ ᠦᠮᠴᠢ ᠬᠤᠪᠢ ᠦᠭᠡᠶ ᠬᠤᠴᠤᠷᠤᠭᠠᠤᠨ᠂ ᠬᠠᠷ᠎ᠠ ᠭᠡᠷ ᠤᠨ ᠪᠠᠭᠤᠷᠢᠨ ᠳᠤ ᠬᠠᠶᠠᠭᠳᠠᠬᠤ ᠳᠤ ᠣᠳᠤᠷ ᠭᠦᠭᠡᠭᠡᠭ᠍ᠰᠡᠨ ᠮᠠᠯᠴᠢᠳ ᠣᠷᠤᠰᠬᠠᠯ ᠥᠭ᠍ᠰᠤᠨ ᠨᠡᠭᠦᠳᠡᠯᠯᠡᠵᠤ᠂ ᠣᠢ᠌ᠯᠠ ᠵᠠᠶᠠᠭ᠎ᠠ ᠬᠠᠵᠠᠢ᠌ᠭᠰᠠᠨ ᠪᠠᠭᠰᠤᠷ ᠤᠨ ᠭᠢᠨ ᠭᠠᠭᠴᠠ ᠬᠠᠯᠳᠠᠷ ᠨᠤᠬᠠᠢ ᠪᠠᠨ ᠭᠠᠩᠭ᠋ᠠᠨᠠᠭᠤᠯᠤᠨ ᠭᠦᠳᠦᠯᠵᠤ ᠣᠷᠤᠰᠬᠠᠯ ᠣᠷᠤᠭᠤᠳᠠᠨ ᠨᠡᠭᠦᠳᠡᠯᠯᠡᠵᠤ ᠶᠠᠪᠣᠭ᠎ᠠ ᠨᠢ ᠡᠨᠡ ᠪᠠᠢ᠌ᠯ᠎ᠠ᠃


ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠮᠤᠵᠢ ᠶᠢᠨ ᠳᠡᠯᠡᠭᠡᠢ ᠬᠤᠳᠠ ᠶᠢᠨ ᠮᠤᠩᠭ᠋ᠤᠯ ᠰᠤᠷᠭᠠᠭᠤᠯᠢ

ᠵᠤᠬᠢᠶᠠᠭᠴᠢ᠄ ᠸ·ᠦᠯᠵᠡᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 16192
ᠴᠠᠭ᠄ 2011 ᠤᠨ ᠤ 11 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ