☆ ᠪᠣᠷᠵᠢᠭᠢᠨ ᠢ᠊·ᠦᠯᠵᠡᠢ᠌ᠳᠤᠭᠳᠠᠬᠤ
ᠬᠤᠷᠳᠤᠨ ᠴᠠᠭᠠᠨ ᠭᠦᠯᠦᠭ᠌
— ᠠᠯᠳᠠᠩᠭᠢᠩᠭ᠋ᠠᠨ ᠭᠠᠴᠠᠭᠠᠨ ᠤ ᠮᠠᠯᠴᠢᠨ ᠮᠤᠬᠤᠷ ᠤᠨ ᠭᠦᠶᠦᠳᠡᠭ᠌ ᠴᠠᠭᠠᠨ ᠮᠤᠷᠢ ᠶᠢ ᠳᠤᠷᠠᠰᠬᠠᠬᠤ ᠨᠢ
ᠳᠡᠷᠭᠡᠯ ᠰᠠᠷ᠎ᠠ ᠨᠢ ᠣᠳᠤᠳ ᠶᠢᠡᠨ ᠬᠠᠷᠠᠨ ᠳᠠᠢ᠌ᠤᠠᠬᠤᠷᠠᠵᠤ ᠮᠥᠰᠢᠶᠡᠭ᠍ᠰᠡᠨ
ᠳᠡᠯᠡᠭᠡᠢ ᠴᠤ ᠨᠠᠷᠠᠨ ᠤ ᠭᠡᠭᠡ ᠳᠤᠰᠴᠤ ᠪᠠᠶᠠᠰᠳᠠᠭ
ᠳᠠᠷᠠ ᠯᠠ ᠶᠡᠭᠡ ᠨᠢᠭᠤᠴᠠ ᠶᠢᠨ ᠳᠤᠳᠤᠷ᠎ᠠ
ᠳᠠᠮᠤᠵᠢᠨ ᠴᠤ ᠮᠤᠷᠢᠨ ᠳᠤ ᠠᠳᠠᠭ᠎ᠠ ᠲᠡᠶ ᠮᠤᠩᠭ᠋ᠤᠯ ᠡᠷ᠎ᠡ ᠪᠠᠢ᠌ᠭᠰᠠᠨ᠃
ᠠᠯᠳᠠᠷᠳᠤ ᠠᠵᠢᠨᠠᠢ ᠭᠦᠭ᠍ᠰᠢᠨ ᠬᠤᠤᠬᠤᠩ ᠤᠨ ᠳᠤᠮᠤᠭ ᠳ᠋ᠠᠭᠢ
ᠠᠷᠤ ᠳᠠᠯ᠎ᠠ ᠪᠠᠷ ᠬᠤᠷᠳᠤ ᠰᠤᠷᠢᠨ ᠳᠠᠪᠭᠢᠭᠰᠠᠨ
ᠠᠷᠪᠠᠨ ᠨᠢᠭᠡᠨ ᠨᠠᠢ᠌ᠷ ᠤᠨ ᠳᠡᠷᠢᠭᠦᠨ ᠶᠢᠡᠷ ᠮᠢᠯᠢᠶᠠᠭᠳᠠᠭᠰᠠᠨ
ᠠᠷᠭ᠎ᠠ ᠦᠭᠡᠶ ᠰᠠᠢ᠌ᠬᠠᠨ ᠭᠢᠩᠭ᠋ᠠᠨ ᠨᠤᠳᠤᠭ ᠤᠨ ᠭᠦᠯᠦᠭ᠌ ᠮᠢᠨᠢ
ᠬᠤᠨᠢᠨ ᠤ ᠪᠠᠯᠴᠢᠭᠡᠷ ᠲᠤ ᠨᠤᠮᠤᠬᠠᠨ ᠣᠨᠤᠭᠠᠷᠢ ᠴᠤ
ᠬᠤᠯᠠ ᠶᠢᠨ ᠭᠠᠵᠠᠷ ᠲᠤ ᠰᠠᠯᠭᠢ ᠰᠢᠭ ᠳᠠᠪᠳᠠᠷᠢᠨ
ᠬᠤᠷᠠᠭᠰᠠᠨ ᠪᠦᠭᠦᠳᠡ ᠶᠢᠨ ᠪᠠᠬ᠎ᠠ ᠶᠢ ᠳᠠᠳᠠᠭᠰᠠᠨ
ᠬᠠᠢ᠌ᠷᠠᠳᠠᠢ ᠡᠵᠡᠨ ᠤ ᠪᠠᠨ ᠪᠠᠶᠠᠰᠤᠯ ᠤᠨ ᠨᠢᠯᠪᠣᠰᠤ ᠶᠢ ᠳᠤᠰᠤᠯᠭᠠᠭᠰᠠᠨ
ᠬᠠᠷᠠᠴᠤ ᠠᠷᠠᠤᠨ ᠤᠨ ᠡᠭᠡᠯ ᠣᠨᠤᠭ᠎ᠠ︕
ᠳᠡᠭ᠍ᠷᠢᠯᠢᠭ᠌ ᠣᠨᠤᠭ᠎ᠠ ᠊᠊᠊᠊᠊᠊᠊᠊᠊᠊᠊᠊᠊᠊᠊ ᠬᠤᠷᠳᠤᠨ ᠴᠠᠭᠠᠨ ᠭᠦᠯᠦᠭ᠌
ᠳᠡᠭ᠍ᠷᠢ ᠶᠢᠨ ᠬᠠᠳᠠᠪᠴᠢ ᠵᠥᠭ᠌ ᠥᠭ᠍ᠰᠦᠭᠦ ᠳᠤ ᠪᠠᠨ
ᠳᠠᠨᠠᠨ ᠴᠠᠭᠠᠨ ᠰᠡᠳᠭᠢᠯ ᠤᠨ ᠰᠠᠭᠢᠭᠤᠰᠤ ᠊᠊᠊᠊᠊᠊᠊᠊᠊᠊᠊᠊᠊᠊᠊ ᠮᠠᠯᠴᠢᠨ
ᠳᠠᠯ᠎ᠠ ᠨᠤᠳᠤᠭ ᠤᠨ ᠠᠭᠤᠳᠠᠮ ᠵᠠᠢ ᠶᠢ ᠪᠠᠨ
ᠳᠠᠩᠴᠤ ᠨᠢᠭᠡ ᠳᠠᠢ᠌ᠪᠣᠭᠤᠬᠠᠨ ᠬᠠᠷᠠᠭᠠᠤᠨ ᠡᠷᠭᠢᠨ ᠣᠤᠠᠴᠤ
ᠳᠡᠩᠳᠡᠭᠦᠤ ᠣᠷᠳᠤᠬᠠᠨ ᠢᠠᠴᠠᠭᠠᠭᠠᠤᠨ ᠨᠢᠳᠤ ᠠᠨᠢᠪᠠ᠃
ᠳᠡᠯᠡᠭᠡᠢ ᠶᠢᠨ ᠡᠩᠭᠡᠷ ᠲᠤ ᠮᠤᠩᠭ᠋ᠤᠯ ᠵᠠᠶᠠᠭ᠎ᠠ ᠪᠠᠷ ᠳᠡᠭ᠍ᠵᠢᠷᠡᠳᠡᠭ᠌
ᠳᠡᠭ᠍ᠷᠢ ᠶᠢᠨ ᠡᠷᠭᠡᠰ ᠢ ᠥᠷᠯᠦᠭ᠌ ᠳᠡᠦᠭᠡ ᠪᠠᠷ ᠠᠷᠭᠠᠳᠠᠭᠰᠠᠨ
ᠳᠢᠪ ᠽᠡᠮᠪᠦᠯᠢᠩ ᠳᠤ ᠭᠠᠭᠴᠠᠬᠠᠨ ᠪᠣᠰᠤᠭ᠎ᠠ ᠥᠰᠦᠭ᠌ ᠳᠠᠢ
ᠳᠡᠭ᠍ᠷᠢᠯᠢᠭ᠌ ᠭᠦᠯᠦᠭ᠌ ᠤᠨ ᠳᠤᠮᠤᠭᠳᠤ ᠡᠵᠡᠳ
ᠬᠤᠷᠤᠢ᠂ ᠬᠤᠷᠤᠢ᠂ ᠬᠤᠷᠤᠢ ᠁
ᠬᠤᠷᠳᠤᠨ ᠴᠠᠭᠠᠨ ᠭᠦᠯᠦᠭ᠌ ᠮᠢᠨᠢ
ᠬᠤᠷᠤᠢ᠂ ᠬᠤᠷᠤᠢ᠂ ᠬᠤᠷᠤᠢ ᠁
2009᠂ 7᠂ 1
ᠵᠤᠬᠢᠶᠠᠭᠴᠢ᠄ ᠪᠣᠷᠵᠢᠭᠢᠨ ᠢ᠊·ᠦᠯᠵᠡᠢ᠌ᠳᠤᠭᠳᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2642
ᠴᠠᠭ᠄ 2009 ᠤᠨ ᠤ 07 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ