ᠨᠡᠪᠲᠡᠷᠡᠨ ᠤᠷᠤᠬᠤ
ᠳᠤᠯᠤᠭᠠᠢ ᠪᠢᠰᠢ ᠳᠤᠯᠤᠭᠠᠢ

《ᠡᠵᠡᠳᠦᠭ᠍ᠰᠡᠨ ᠬᠡᠦᠬᠡᠳ

ᠡᠴᠢᠭᠡ ᠶᠢᠨ ᠶᠢᠡᠨ ᠳᠤᠯᠤᠭᠠᠢ ᠪᠠᠷ ᠶᠢᠡᠨ ᠨᠠᠭᠠᠳᠤᠨ᠎ᠠ》 ᠭᠡᠨ᠎ᠡ᠂

ᠡᠵᠡᠳᠦᠭ᠍ᠰᠡᠨ ᠦᠭᠡᠶ ᠡᠨᠡ ᠴᠠᠭ ᠤᠨ ᠬᠡᠦᠬᠡᠳ

ᠡᠴᠢᠭᠡ ᠶᠢᠨ ᠶᠢᠡᠨ ᠳᠤᠯᠤᠭᠠᠢ ᠪᠠᠷ ᠪᠢᠰᠢ

ᠦᠪᠡᠷ ᠤᠨ ᠶᠢᠡᠨ ᠳᠤᠯᠤᠭᠠᠢ ᠪᠠᠷ ᠨᠠᠭᠠᠳᠤᠨ᠎ᠠ᠃

ᠳᠤᠯᠭ᠎ᠠ ᠶᠢᠨ ᠭᠤᠷᠪᠠᠨ ᠭᠦᠯ ᠰᠢᠭ᠌

ᠭᠤᠷᠪᠠᠨ ᠪᠣᠳᠠ ᠭᠡᠵᠢᠭᠡ ᠳᠠᠯᠪᠢᠭᠠᠤᠨ

ᠭᠤᠯᠪᠢ᠌ᠳᠠᠯ᠎ᠠ ᠰᠠᠮᠨᠠᠭᠰᠠᠨ ᠳᠤᠯᠤᠭᠠᠢ ᠪᠣᠢ᠂

ᠭᠤᠤᠯ ᠶᠢᠡᠷ ᠨᠢ ᠳᠠᠯᠠᠩ ᠪᠣᠰᠬᠠᠭᠠᠤᠨ

ᠭᠤᠵᠣᠢ᠌ᠯᠭᠠᠵᠤ ᠳᠠᠯᠪᠢᠭᠰᠠᠨ

ᠪᠦᠪᠠᠭᠡᠯᠵᠢ ᠶᠢᠨ ᠳᠤᠯᠤᠭᠠᠢ ᠪᠣᠢ᠂

ᠳᠡᠭ᠌ ᠳᠤᠮᠳᠠᠭᠤᠷ ᠨᠢ ᠳᠠᠰᠤ ᠳᠠᠷᠤᠭᠠᠤᠨ

ᠵᠤᠷᠬ᠎ᠠ ᠭᠠᠷᠭᠠᠭᠰᠠᠨ ᠳᠤᠯᠤᠭᠠᠢ ᠪᠣᠢ᠂

ᠳᠠᠩ ᠬᠠᠭᠠᠰ ᠳᠤᠨᠢ ᠭᠡᠵᠢᠭᠡ ᠦᠯᠡᠳᠡᠭᠡᠭᠡᠳ

ᠬᠤᠷ ᠳᠠᠯᠪᠢᠭᠰᠠᠨ ᠳᠤᠯᠤᠭᠠᠢ ᠪᠣᠢ᠂

ᠣᠷᠳᠤ ᠳᠠᠯ᠎ᠠ ᠳᠤ ᠨᠢ ᠭᠦᠭᠦᠯ ᠬᠤᠴᠤᠷᠭᠠᠭᠠᠤᠨ

ᠣᠯᠠᠭᠠᠨ ᠬᠠᠴᠠᠷ ᠤᠨ ᠶᠢᠡᠨ ᠬᠠᠭᠠᠰ ᠢ ᠳᠠᠷᠤᠭᠰᠠᠨ

ᠦᠷᠦᠭᠡᠰᠤᠨ ᠨᠢᠳᠤᠳᠠᠢ ᠳᠤᠯᠤᠭᠠᠢ ᠪᠣᠢ᠂

ᠬᠣᠢ᠌ᠳᠤ ᠳᠠᠯ᠎ᠠ ᠳᠤᠨᠢ ᠰᠡᠭᠦᠯ ᠯᠠᠪᠳᠠᠢ᠌ᠯᠭᠠᠭᠠᠤᠨ

ᠬᠠᠪᠢᠷᠭ᠎ᠠ ᠪᠠᠷ ᠨᠢ ᠭᠢᠷᠦᠭᠡᠨ ᠰᠢᠳᠤ ᠭᠠᠷᠭᠠᠨ

ᠱᠤᠯᠤᠵᠤ ᠠᠪᠣᠭᠰᠠᠨ ᠳᠤᠯᠤᠭᠠᠢ ᠪᠣᠢ᠂

ᠵᠢᠳᠠ ᠰᠡᠷᠡᠭᠡ ᠰᠢᠭ᠌ ᠪᠣᠰᠬᠠᠭᠰᠠᠨ

ᠵᠠᠷᠠᠭᠠᠨ ᠰᠢᠷᠭᠢᠭ᠌ ᠤᠨ ᠳᠤᠯᠤᠭᠠᠢ ᠪᠣᠢ᠂

ᠬᠠᠮᠬᠤᠤᠯ ᠰᠢᠭ ᠦᠷᠪᠤᠢᠯᠭᠡᠭ᠍ᠰᠡᠨ

ᠭᠡᠩᠭᠡᠷᠭᠡᠨ ᠴᠢᠨᠡᠭᠡ ᠪᠦᠳᠦᠭᠦᠨ ᠳᠤᠯᠤᠭᠠᠢ ᠪᠣᠢ᠂

ᠵᠤᠯᠠᠢ ᠳᠡᠭᠡᠷ᠎ᠡ ᠨᠢ ᠠᠶᠠᠭᠠᠨ ᠴᠢᠨᠡᠭᠡ ᠰᠡᠪᠠᠯᠭᠡ ᠳᠠᠢ

ᠵᠠᠬ᠎ᠠ ᠨᠢ ᠳᠠᠭᠠᠭᠠᠤᠨ ᠵᠤᠮᠠᠯᠳᠠᠭ ᠬᠤᠰᠤᠭᠰᠠᠨ ᠳᠤᠯᠤᠭᠠᠢ ᠪᠣᠢ᠂

ᠴᠢᠮᠠᠷᠬᠠᠢ ᠳᠤᠳᠤᠷ᠎ᠠ ᠨᠢ

ᠱᠠᠭᠠᠵᠠᠭᠠᠢ ᠶᠢᠨ ᠰᠡᠭᠦᠯ ᠰᠢᠭ᠌ ᠦᠰᠦ ᠳᠠᠢ

ᠴᠠᠭᠠᠭᠤᠷ ᠶᠢᠡᠨ ᠴᠠᠭᠠᠨ ᠮᠠᠩᠬ᠎ᠠ ᠪᠣᠯᠭᠠᠭᠰᠠᠨ ᠳᠤᠯᠤᠭᠠᠢ ᠪᠣᠢ᠃

ᠨᠠᠪᠴᠢᠨ ᠥᠩᠭᠡ ᠲᠡᠶ ᠨᠤᠭᠤᠭᠠᠨ ᠳᠤᠯᠤᠭᠠᠢ

ᠰᠢᠩᠬᠤᠨ ᠥᠩᠭᠡᠳᠡᠢ ᠣᠯᠠᠭᠠᠨ ᠳᠤᠯᠤᠭᠠᠢ

ᠴᠠᠰᠤᠨ ᠥᠩᠭᠡᠳᠡᠢ ᠴᠠᠭᠠᠨ ᠳᠤᠯᠤᠭᠠᠢ

ᠵᠦᠷᠵᠢ ᠶᠢᠨ ᠥᠩᠭᠡᠳᠡᠢ ᠰᠢᠷ᠎ᠠ ᠳᠤᠯᠤᠭᠠᠢ

ᠳᠡᠭ᠍ᠷᠢ ᠶᠢᠨ ᠥᠩᠭᠡᠳᠡᠢ ᠭᠦᠭᠡ ᠳᠤᠯᠤᠭᠠᠢ

ᠳᠡᠮᠡᠭᠡᠨ ᠨᠤᠤᠰᠤᠨ ᠥᠩᠭᠡᠳᠡᠢ ᠪᠣᠷᠤ ᠳᠤᠯᠤᠭᠠᠢ

ᠡᠯᠳᠡᠪ ᠡᠰᠡᠨ ᠶᠢᠡᠷ ᠬᠤᠯᠢᠵᠤ ᠪᠣᠳᠤᠭᠰᠠᠨ

ᠡᠷᠢᠶᠡᠨ ᠮᠠᠷᠢᠶᠠᠨ ᠶᠠᠩᠵᠤ ᠶᠢᠨ ᠳᠤᠯᠤᠭᠠᠢ᠃

ᠥᠵᠡᠭ᠍ᠰᠡᠨ ᠦᠭᠡᠶ ᠭᠦᠮᠤᠨ ᠤ ᠦᠵᠡᠶ᠎ᠠ ᠭᠡᠵᠤ ᠰᠠᠨᠠᠭᠰᠠᠨ ᠳᠤᠯᠤᠭᠠᠢ

ᠦᠵᠡᠭᠰᠠᠨ ᠭᠦᠮᠤᠨ ᠤ ᠡᠷᠭᠢᠵᠤ ᠦᠵᠡᠶ᠎ᠠ ᠭᠡᠵᠤ ᠰᠠᠨᠠᠬᠤ ᠦᠭᠡᠶ ᠳᠤᠯᠤᠭᠠᠢ

ᠳᠤᠯᠤᠭᠠᠢ ᠭᠡᠪᠠᠯ ᠪᠢ ᠭᠢᠯᠢᠰᠳᠠᠮᠠᠷ ᠳᠤᠯᠤᠭᠠᠢ

ᠳᠤᠯᠤᠭᠠᠢ ᠪᠢᠰᠢ ᠭᠡᠪᠠᠯ ᠴᠢ ᠭᠢᠯᠢᠰᠳᠠᠮᠠᠷ ᠳᠤᠯᠤᠭᠠᠢ᠃

ᠭᠡᠭᠡᠷ᠎ᠡ ᠥᠵᠡᠭ᠍ᠰᠡᠨ ᠭᠦᠮᠤᠨ ᠭᠠᠷᠴᠤ ᠳᠤᠳᠠᠭᠠᠮᠠᠷ ᠳᠤᠯᠤᠭᠠᠢ

ᠭᠡᠳᠤ ᠬᠤᠨᠤᠬᠤ ᠦᠭᠡᠶ ᠪᠣᠯ ᠪᠠᠶ᠎ᠠ ᠳᠡᠩᠭᠡᠷᠡᠭᠦ ᠦᠭᠡᠶ ᠳᠤᠯᠤᠭᠠᠢ

ᠭᠡᠨᠡᠳᠲᠡ ᠥᠵᠡᠭ᠍ᠰᠡᠨ ᠭᠦᠮᠤᠨ ᠭᠡᠳ ᠭᠡᠵᠤ ᠠᠪᠣᠮᠠᠷ ᠳᠤᠯᠤᠭᠠᠢ

ᠭᠡᠷ ᠲᠤ ᠪᠠᠨ ᠣᠴᠢᠪᠠᠯ ᠰᠦᠨᠠᠰᠤ ᠪᠠᠨ ᠳᠠᠭᠤᠳᠠᠭᠤᠯᠤᠮᠠᠷ ᠳᠤᠯᠤᠭᠠᠢ᠃

ᠬᠠᠮᠤᠭ ᠠᠮᠢᠳᠠᠨ ᠵᠢᠷᠭᠤᠭᠠᠨ ᠵᠣᠢ᠌ᠯ ᠤᠨ ᠳᠦᠷᠦᠭᠦᠤ ᠨᠢ

ᠬᠠᠷ᠎ᠠ ᠳᠤᠯᠤᠭᠠᠢ᠌ᠳᠤ ᠭᠦᠮᠤᠨ ᠭᠡᠨ᠎ᠡ

ᠬᠠᠷ᠎ᠠ ᠳᠤᠯᠤᠭᠠᠢ ᠳᠤ ᠳᠤᠷ᠎ᠠ ᠦᠭᠡᠶ ᠶᠤᠮ ᠴᠢᠨᠢ

ᠬᠠᠨ ᠬᠤᠷᠮᠤᠰᠳᠠ ᠮᠠᠨ ᠢ ᠶᠠᠭᠤ ᠭᠡᠵᠤ ᠨᠠᠷᠠᠯᠠᠪᠠᠯ ᠵᠤᠭᠢᠬᠤ ᠪᠣᠢ︖



ᠵᠤᠬᠢᠶᠠᠭᠴᠢ ᠶᠢᠨ ᠬᠠᠶ‍ᠢᠭ᠄ ᠳᠦᠡᠭᠯᠢᠶ‍ᠦᠤ ᠬᠤᠳᠠ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠠᠳᠤᠭᠤᠴᠢᠨ ᠰᠤᠮᠤ ᠶᠢᠨ ᠡᠮᠡᠭᠡᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠠᠶᠠᠭᠤᠳ·ᠳᠡᠭᠦᠦᠵᠡᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2632
ᠴᠠᠭ᠄ 2010 ᠤᠨ ᠤ 06 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ