☆ ᠭᠤᠨᠢᠨᠤᠳ·ᠨᠠ᠊·ᠰᠥᠭᠡᠪᠠᠭᠠᠳᠤᠷ
ᠮᠢᠩᠭ᠎ᠠ ᠪᠦᠭᠡᠳ ᠨᠢᠭᠡᠳᠡᠭᠢ ᠰᠦᠨᠢ ᠶᠢᠨ ᠨᠢᠯᠪᠣᠰᠤ
ᠵᠢᠷᠦᠭᠡᠨ ᠴᠤᠭᠢᠯᠭᠠᠨ ᠡᠴᠠ ᠥᠭᠡᠷ᠎ᠡ
ᠵᠦᠷᠢᠵᠤ ᠥᠩᠭᠡᠷᠡᠭᠦ ᠠᠨᠢᠷ ᠦᠭᠡᠶ ᠳᠤᠮᠳᠠ
ᠴᠢᠮ᠎ᠠ ᠶᠢ ᠥᠭᠡᠢ᠌ᠯᠡᠵᠤ
ᠴᠡᠭᠡᠵᠢ ᠪᠠᠨ ᠣᠢ᠌ᠮᠤᠷᠠᠭᠤᠯᠵᠤ ᠳᠠᠭᠤᠳᠠᠯ᠎ᠠ᠂
ᠴᠢᠨᠤ ᠨᠠᠷᠠ
ᠨᠠᠷᠠᠨ ᠤ ᠣᠷᠢᠳᠠᠭᠤᠷ ᠥᠩᠭᠡᠷᠡᠭᠦ ᠶᠢᠨ ᠊ᠭ᠍ᠱᠡᠨ ᠳ᠋ᠤ
ᠨᠡᠭᠦᠳᠡᠯ ᠤᠨ ᠦᠨᠦᠴᠢᠨ ᠠᠩᠭᠢᠷ ᠲᠡᠶ ᠳᠠᠰ ᠮᠥᠷᠭᠦᠵᠤ
ᠨᠢᠯᠪᠣᠰᠤ ᠪᠠᠨ ᠬᠤᠷᠢᠵᠤ ᠴᠢᠳᠠᠯ ᠥᠭᠡᠢ
ᠣᠭᠢᠯᠠᠭᠰᠠᠭᠠᠷ ᠢᠷᠠᠨ᠎ᠡ᠂
ᠭᠦᠭᠡᠷᠦᠭᠦᠨ ᠠᠩᠭᠢᠷ ᠤᠨ ᠠᠮᠢ ᠶᠢ ᠪᠦᠪᠠᠢ᠌ᠯᠡᠭ᠍ᠰᠡᠨ
ᠬᠠᠢ᠌ᠷ᠎ᠠ ᠶᠢᠨ ᠳᠡᠯᠪᠠᠭᠡ ᠬᠠᠭ᠎ᠠ ᠵᠠᠮᠬᠠᠷᠠᠵᠤ
ᠳᠡᠭ᠍ᠷᠢ ᠳᠤ ᠪᠠᠨ ᠨᠥᠭ᠍ᠴᠢᠨᠡ᠃
᠊᠊᠊᠊᠊᠊᠊᠊᠊᠊᠊᠊᠊᠊᠊ ᠮᠥᠭ᠍ᠳᠡᠨ ᠬᠤᠳᠠᠨ᠎ᠠ
2009-10-09
ᠵᠤᠬᠢᠶᠠᠭᠴᠢ ᠶᠢᠨ ᠬᠠᠶᠢᠭ ᠄ ᠯᠢᠶᠤᠤᠨᠢᠩ ᠶᠡᠭᠡ ᠰᠤᠷᠭᠠᠭᠤᠯᠢ
ᠵᠤᠬᠢᠶᠠᠭᠴᠢ᠄ ᠭᠤᠨᠢᠨᠤᠳ·ᠨᠠ᠊·ᠰᠥᠭᠡᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2009 ᠤᠨ ᠤ 12 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ