ᠨᠡᠪᠲᠡᠷᠡᠨ ᠤᠷᠤᠬᠤ
ᠰᠤᠷᠤᠭᠴᠢ ᠶᠢᠨ ᠠᠮᠢᠳᠤᠷᠠᠯ

ᠰᠤᠷᠤᠯᠭ᠎ᠠ ᠶᠢᠨ ᠠᠮᠢᠳᠤᠷᠠᠯ ᠤᠨ ᠣᠷᠳᠤ ᠠᠶᠠᠨ ᠳ᠋ᠤ

ᠳᠤᠬᠤᠢ ᠵᠡᠷᠭᠡᠴᠡᠭᠦᠯᠤᠨ ᠨᠠᠢ᠌ᠵᠠᠯᠠᠵᠤ ᠶᠠᠪᠣᠭᠰᠠᠨ

ᠰᠤᠷᠤᠭᠴᠢ ᠶᠢᠨ ᠠᠮᠢᠳᠤᠷᠠᠯ ᠤᠨ ᠰᠠᠢ᠌ᠬᠠᠨ ᠮᠦᠴᠡ ᠳ᠋ᠤ

ᠳᠤᠭᠤᠯᠠᠩ ᠨᠢᠯᠪᠣᠰᠤ ᠲᠡᠶ ᠭᠡᠷᠡᠯᠳᠦᠵᠤ ᠴᠤ ᠶᠠᠪᠣᠭᠰᠠᠨ ᠡ︕

ᠭᠢᠴᠢᠶᠠᠯ ᠤᠨ ᠳᠠᠩᠭᠢᠮ ᠳᠤ ᠴᠤᠭᠯᠠᠷᠠᠵᠤ ᠰᠠᠭᠤᠬᠤ ᠳᠤ ᠪᠠᠨ

ᠭᠦᠷ ᠪᠢᠯᠬᠠᠭᠤᠯᠤᠨ ᠥᠶᠡᠷᠭᠡᠵᠤ ᠶᠠᠪᠣᠭᠰᠠᠨ

ᠭᠦᠮᠤᠨ ᠤ ᠠᠮᠢᠳᠤᠷᠠᠯ ᠤᠨ ᠵᠢᠮ᠎ᠠ ᠶᠢ ᠣᠬᠠᠭᠠᠷᠠᠬᠤ ᠳᠤ ᠪᠠᠨ

ᠭᠦᠰᠡᠯ ᠭᠦᠪᠦᠯᠵᠡᠭᠦᠯᠤᠨ ᠳᠠᠰᠤᠯᠴᠠᠵᠤ ᠶᠠᠪᠣᠭᠰᠠᠨ ᠡ︕

ᠪᠠᠭᠰᠢ ᠶᠢᠨ ᠬᠠᠳᠠᠭᠤᠬᠠᠨ ᠵᠠᠩᠨᠠᠯᠳᠠ ᠳ᠋ᠤ

ᠪᠢᠳᠡᠭᠦᠭᠡᠨ ᠳᠤ ᠪᠠᠨ ᠭᠤᠮᠤᠳᠠᠵᠤ ᠴᠤ ᠶᠠᠪᠣᠭᠰᠠᠨ

ᠪᠠᠢ᠌ᠷᠢ ᠶᠢᠨ ᠨᠥᠭᠦᠤᠨ ᠤᠨ ᠬᠠᠯᠠᠭᠤᠨ ᠳᠡᠮᠵᠢᠯᠭᠡ ᠳ᠋ᠤ

ᠪᠢᠰᠢᠭᠦᠢ ᠣᠳᠠᠭ᠎ᠠ ᠳᠤᠭᠳᠤᠯᠵᠤ ᠶᠠᠪᠣᠭᠰᠠᠨ ᠡ︕

ᠬᠠᠭᠠᠷᠢᠮ᠎ᠠ ᠡᠪᠦᠯ ᠤᠨ ᠭᠦᠢᠳᠡᠨ ᠴᠠᠭ ᠤᠳ ᠳᠤ

ᠴᠠᠰᠤᠨ ᠪᠠᠢ᠌ᠯᠳᠤᠭᠠᠨ ᠶᠢᠡᠷ ᠳᠤᠯᠠᠭᠠᠴᠠᠵᠤ ᠶᠠᠪᠣᠭᠰᠠᠨ

ᠬᠠᠯᠠᠭᠤᠨ ᠵᠤᠨ ᠤ ᠨᠠᠷᠠᠨ ᠤ ᠢᠯᠴᠢᠨ ᠳ᠋ᠤ

ᠣᠰᠤᠨ ᠪᠠᠢ᠌ᠯᠳᠤᠭᠠᠨ ᠶᠢᠡᠷ ᠰᠡᠷᠢᠭᠦᠴᠡᠵᠤ ᠶᠠᠪᠣᠭᠰᠠᠨ ᠡ︕

〈ᠪᠠᠶᠠᠷᠳᠠᠢ〉 ᠭᠡᠭᠦ ᠤᠢ᠌ᠷᠠᠬᠠᠨ ᠪᠣᠯᠬᠤ ᠳ᠋ᠤ

ᠪᠠᠶᠠᠷ ᠤᠨ ᠢᠨᠢᠶᠠᠳᠤ ᠳᠤᠠᠳᠠᠷᠠᠳᠠᠭ ᠴᠤ ᠪᠣᠯᠤᠯ᠎ᠠ᠂

〈ᠪᠠᠶᠠᠷᠯᠠᠯ᠎ᠠ〉 ᠭᠡᠭᠦ ᠬᠤᠯᠠᠬᠠᠨ ᠪᠣᠯᠬᠤ ᠳ᠋ᠤ

ᠪᠠᠭᠰᠢ ᠶᠢᠨ ᠰᠤᠷᠭᠠᠯ ᠡᠷᠭᠢᠮ ᠴᠤ ᠪᠠᠢ᠌ᠯ᠎ᠠ︕


ᠳᠡᠭᠦᠰᠭᠦ ᠣᠷᠤᠢ ᠶᠢᠨ ᠨᠠᠢ᠌ᠷ ᠤᠨ ᠰᠢᠷᠡᠭᠡᠨ ᠳ᠋ᠤ

ᠳᠦᠭᠦᠷᠡᠩ ᠭᠡᠮ ᠶᠢᠡᠷ ᠪᠣᠯᠵᠤᠭ᠎ᠠ ᠳᠤᠭᠳᠠᠯᠴᠠᠵᠤ

ᠳᠠᠷᠪᠠᠵᠤ ᠳᠠᠰᠤᠯᠴᠠᠭᠰᠠᠨ ᠨᠥᠭᠦᠤᠨ ᠮᠢᠨᠢ

ᠠᠷᠪᠠᠨ ᠵᠥᠭ᠌ ᠳᠤ ᠪᠠᠨ ᠠᠶᠠᠷᠯᠠᠯ᠎ᠠ︕

ᠣᠴᠠᠷᠠᠵᠤ ᠰᠠᠯᠬᠤ ᠶᠢᠨ ᠬᠤᠷᠸ᠎ᠠ ᠬᠣᠢ᠌ᠨ᠎ᠠ

ᠣᠶᠠᠷᠠᠵᠤ ᠭᠠᠩᠰᠠᠯᠠᠭᠠᠤᠨ ᠴᠤ ᠶᠠᠭᠠᠭᠢᠬᠤ ᠪᠣᠢ︖

ᠣᠳᠠᠭᠠᠨ ᠬᠤᠨᠤᠭ ᠤᠨ ᠨᠥᠭᠦᠷᠯᠡᠯ

ᠦᠷᠭᠦᠯᠵᠢᠯᠡᠵᠤ ᠮᠥᠩᠭᠡᠷᠡᠭᠦ ᠴᠤ ᠮᠠᠳᠠᠭ ᠦᠭᠡᠶ︕


ᠵᠤᠬᠢᠶᠠᠭᠴᠢ ᠶᠢᠨ ᠬᠠᠶ‍ᠢᠭ᠄ ᠦᠪᠣᠷ ᠮᠤᠩᠭ᠋ᠤᠯ ᠤᠨ ᠭᠦᠯᠤᠨ ᠪᠣᠢ᠌ᠷ ᠳᠡᠭᠡᠳᠤ ᠰᠤᠷᠭᠠᠭᠤᠯᠢ

ᠵᠤᠬᠢᠶᠠᠭᠴᠢ᠄ ᠣᠠᠳᠤᠷᠤᠮᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2647
ᠴᠠᠭ᠄ 2010 ᠤᠨ ᠤ 05 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ