☆ ᠡ᠊·ᠳᠠᠮᠤᠷ
ᠪᠣᠳᠤᠯ ᠤᠨ ᠭᠦᠨ ᠳᠤ ᠰᠡᠭᠦᠳᠡᠷ ᠬᠤᠨᠤᠭᠰᠢᠨ᠎ᠠ
ᠣᠶᠠᠩᠭ᠋ᠠᠷᠠᠨ ᠣᠶᠠᠩᠭ᠋ᠠᠷᠠᠨ ᠰᠤᠨᠤᠷᠳᠠᠵᠤ
ᠭᠡᠳᠡᠷᠭᠡᠨ ᠤ ᠨᠠᠮᠤᠭᠤᠬᠠᠨ ᠱᠤᠤᠭᠢᠶ᠎ᠠ ᠥᠩᠭᠡᠷᠡᠨ᠎ᠡ
ᠣᠴᠢᠷᠯᠠᠨ ᠣᠴᠢᠷᠯᠠᠨ ᠰᠡᠳᠭᠢᠭᠦᠯᠵᠤ
ᠠᠳᠤᠭᠤᠳ ᠤᠨ ᠢᠠᠴᠠᠭᠠᠯ ᠵᠠᠩᠭᠢᠷᠠᠵᠤ ᠬᠤᠯᠠᠳᠠᠨ᠎ᠠ
ᠲ᠋ᠠᠷᠠ ᠬᠤᠯᠠ ᠶᠢᠨ ᠵᠤᠷᠢᠮᠠᠭ ᠠᠶᠠᠯᠠᠯ
ᠳᠡᠷᠳᠡᠭᠡ ᠡᠷᠭᠢ ᠳᠤ ᠴᠡᠴᠡᠭᠯᠡᠵᠤ ᠦᠵᠡᠨ᠎ᠠ
ᠳᠠᠮᠠᠤᠯᠠᠵᠤ ᠮᠤᠷᠳᠠᠬᠤ ᠭᠡᠪᠠᠷᠡᠭᠭᠡᠨ ᠰᠡᠳᠭᠢᠯ
ᠡᠨᠡᠳᠡᠭᠡ ᠭᠦᠪᠠᠭᠡᠨ ᠳᠤ ᠨᠢ ᠨᠤᠷᠠᠵᠤ ᠴᠤ ᠦᠵᠡᠨ᠎ᠠ
ᠽᠡᠡᠪᠦᠯᠢᠭ᠌ ᠤᠨ ᠣᠶᠠᠬᠠᠨ ᠵᠠᠢ ᠳᠤ
ᠰᠠᠨᠠᠭ᠎ᠠ ᠣᠬᠠᠭ᠎ᠠ ᠳᠦᠭᠡᠷᠢᠵᠤ ᠨᠢᠭᠡ ᠦᠵᠡᠨ᠎ᠠ
ᠴᠠᠭ ᠡᠴᠡ ᠪᠠᠨ ᠬᠤᠵᠢᠳᠠᠭᠰᠠᠨ ᠴᠠᠭᠢᠷᠮ᠎ᠠ ᠴᠡᠴᠡᠭ᠌
ᠵᠤᠨ ᠤ ᠰᠡᠭᠦᠯᠴᠢ ᠪᠠᠷ ᠪᠦᠮᠪᠦᠭᠡᠯᠡᠵᠤ ᠪᠠᠰᠠ ᠨᠢᠭᠡ ᠦᠵᠡᠨ᠎ᠠ
ᠲ᠋ᠠᠯ᠎ᠠ ᠶᠢᠨ ᠴᠢᠯᠦᠭᠡ ᠪᠠᠷ ᠦᠯᠦᠰᠭᠦᠯᠡᠩ ᠬᠤᠨᠢᠳ
ᠳᠠᠭᠠᠨ᠎ᠠ ᠡᠷᠢᠭᠡᠳ ᠭᠦᠶᠦᠯᠳᠦᠵᠤ ᠦᠵᠡᠨ᠎ᠠ
ᠳᠠᠷᠢᠶᠠᠨ ᠵᠠᠬ᠎ᠠ ᠪᠠᠷ ᠳᠠᠷᠳᠠᠭᠰᠠᠨ ᠮᠠᠯᠴᠢᠳ
ᠰᠢᠯᠪᠢᠭᠦᠷ ᠡᠷᠭᠢᠭᠦᠯᠤᠨ ᠰᠠᠭᠢᠵᠤ ᠴᠤ ᠦᠵᠡᠨ᠎ᠠ
ᠮᠤᠷᠢ ᠲᠡᠶ ᠥᠩᠭᠡᠷᠡᠭ᠍ᠰᠡᠨ ᠨᠢᠭᠡ ᠨᠠᠰᠤᠳᠠᠨ ᠢ
ᠮᠠᠰᠢᠨ ᠲᠡᠶ ᠵᠠᠯᠠᠭᠤᠰ ᠮᠠᠭᠤᠴᠢᠯᠠᠵᠤ ᠭᠦᠭᠡᠷᠦᠨᠡ
ᠮᠤᠩᠭ᠋ᠤᠯ ᠶᠢᠡᠷ ᠶᠠᠷᠢᠭᠰᠠᠨ ᠭᠡᠳᠤᠨ ᠥᠭᠡ ᠶᠢ ᠨᠢ
ᠣᠢ᠌ᠯᠠᠭᠠᠵᠤ ᠳᠦᠪᠠᠭ᠍ᠳᠡᠭᠡᠳ ᠭᠢᠯᠣᠢ᠌ᠵᠤ ᠬᠠᠷᠠᠨ᠎ᠠ
ᠲ᠋ᠠᠯ᠎ᠠ ᠡᠴᠡ ᠪᠠᠨ ᠭᠦᠭᠡᠭᠡᠭ᠍ᠳᠡᠭ᠍ᠰᠡᠨ ᠦᠷᠦᠭᠡᠰᠤᠨ ᠴᠡᠴᠡᠭ᠌
ᠣᠢ ᠶᠢᠨ ᠭᠦᠨ ᠳᠤ ᠬᠤᠷᠭᠤᠳᠠᠵᠤ ᠦᠵᠡᠨ᠎ᠠ
ᠣᠷᠤᠰᠢᠯ ᠶᠢᠡᠨ ᠠᠯᠳᠠᠭᠰᠠᠨ ᠦᠨᠦᠴᠢᠨ ᠵᠡᠭᠡᠷ᠎ᠡ
ᠵᠡᠭᠦᠳᠤᠨ ᠳᠡᠭ᠍ᠷᠢ ᠳᠤ ᠪᠠᠨ ᠳᠠᠰᠢᠵᠤ ᠬᠤᠯᠠᠳᠠᠨ᠎ᠠ
ᠬᠠᠶᠠ ᠬᠠᠶᠠ ᠳᠡᠭ᠍ᠷᠢ ᠶᠢᠨ ᠭᠢᠵᠠᠭᠠᠷ
ᠪᠠᠷᠠᠭᠠᠨ ᠡᠭᠦᠯᠡᠰ ᠬᠣᠢ᠌ᠯᠠᠷᠠᠵᠤ ᠥᠩᠭᠡᠷᠡᠨ᠎ᠡ
ᠭᠡᠨᠡᠳᠲᠡ ᠭᠡᠨᠡᠳᠲᠡ ᠳᠤᠰᠤᠯ ᠪᠣᠷᠤᠭᠠᠨ
ᠣᠯᠠᠷᠢᠯ ᠣᠰᠤᠯᠳᠤᠵᠤ ᠡ᠊ᠨᠳᠡᠭᠦᠷᠡᠵᠤ ᠢᠷᠠᠨ᠎ᠠ
ᠠᠠᠵᠢᠰᠤᠨ ᠳᠤᠤᠷᠠᠭᠢ ᠨᠢᠮᠭᠡᠨ ᠭᠦᠷᠦᠰᠤ
ᠨᠤᠮᠢᠨ ᠳᠤᠯᠭᠢᠶ᠎ᠠ ᠵᠡᠭᠦᠳᠦᠯᠡᠵᠤ ᠬᠤᠨᠤᠨ᠎ᠠ
ᠠᠭᠤᠷᠬᠠᠢ ᠶᠢᠨ ᠨᠥᠭᠡᠨ ᠳᠤ ᠥᠭᠡᠭᠦᠨ ᠴᠢᠯᠠᠭᠤ
ᠠᠯᠳᠠᠴᠢᠯᠠᠬᠤ ᠵᠡᠭᠦᠳᠤ ᠪᠠᠨ ᠮᠠᠨᠠᠵᠤ ᠦᠷᠭᠡᠯᠡᠨ᠎ᠡ
ᠰᠡᠭᠦᠳᠡᠷ ᠭᠦᠰᠡᠭ᠍ᠰᠡᠨ ᠬᠠᠯᠠᠭᠤᠨ ᠤ ᠬᠤᠨᠢᠳ
ᠬᠠᠰᠢᠶᠠᠨ ᠳᠤᠯᠤᠭᠠᠢ ᠪᠦᠭᠡᠮᠨᠡᠷᠡᠵᠤ ᠪᠠᠢ᠌ᠪᠠ
ᠰᠢᠭᠦᠳᠡᠷᠢ ᠣᠯᠤᠭᠰᠠᠨ ᠦᠭᠡᠶ ᠭᠡᠳᠤᠨ ᠴᠠᠷᠴᠠᠬᠠᠢ
ᠨᠢᠯᠬ᠎ᠠ ᠴᠢᠭᠢ ᠭᠡᠮᠡᠯᠢᠵᠤ ᠪᠠᠢ᠌ᠪᠠ
ᠡᠵᠢ ᠨᠠᠭᠤᠷ ᠤᠨ ᠡᠷᠭᠢ ᠭᠦᠪᠠᠭᠡ ᠪᠠᠷ
ᠠᠶᠠᠨ ᠤ ᠴᠤᠪᠣᠭ᠎ᠠ ᠳᠠᠰᠤᠷᠠᠵᠤ ᠪᠠᠢ᠌ᠪᠠ
ᠠᠳᠤᠭᠤᠨ ᠳᠠᠯ᠎ᠠ ᠰᠦᠷᠦᠭ᠌ ᠤᠨ ᠳᠡᠷᠭᠡᠳᠡ
ᠠᠷᠠᠤᠨ ᠤᠨ ᠳᠠᠭᠤᠤ ᠵᠠᠩᠭᠢᠷᠠᠵᠤ ᠪᠠᠢ᠌ᠪᠠ
ᠣᠶᠠᠩᠭ᠋ᠠᠷᠠᠨ ᠣᠶᠠᠩᠭ᠋ᠠᠷᠠᠨ ᠰᠤᠨᠤᠷᠳᠠᠵᠤ
ᠭᠡᠳᠡᠷᠭᠡᠨ ᠤ ᠨᠠᠮᠤᠭᠤᠬᠠᠨ ᠱᠤᠤᠭᠢᠶ᠎ᠠ ᠥᠩᠭᠡᠷᠡᠨ᠎ᠡ
ᠣᠴᠢᠷᠯᠠᠨ ᠣᠴᠢᠷᠯᠠᠨ ᠰᠡᠳᠭᠢᠭᠦᠯᠵᠤ
ᠪᠣᠳᠤᠯ ᠳᠤ ᠮᠢᠨᠢ ᠰᠡᠭᠦᠳᠡᠷ ᠬᠤᠨᠤᠭᠰᠢᠭᠠᠤᠨ ᠪᠠᠢ᠌ᠯ᠎ᠠ ᠁
ᠵᠤᠬᠢᠶᠠᠭᠴᠢ ᠶᠢᠨ ᠬᠠᠶᠢᠭ᠄ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠭᠦᠡᠳᠡᠯᠡᠨ ᠰᠤᠷᠭᠠᠭᠤᠯᠢ
ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2644
ᠴᠠᠭ᠄ 2010 ᠤᠨ ᠤ 06 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ