ᠨᠡᠪᠲᠡᠷᠡᠨ ᠤᠷᠤᠬᠤ
ᠬᠠᠷ᠎ᠠ ᠨᠢᠳᠦᠨ ᠴᠢ ᠮᠢᠨᠢ ᠬᠠᠮᠢᠭ᠎ᠠ ᠪᠠᠢ᠌ᠨ᠎ᠠ
(ᠲ᠋ᠠᠭᠤᠤ ᠶᠢᠨ ᠥᠭᠡ)

ᠦᠷ ᠤᠨ ᠴᠤᠯᠮᠤᠨ ᠢ ᠵᠡᠭᠦᠳᠦᠯᠡᠨ ᠰᠠᠷᠢᠵᠤ

ᠦᠨᠢᠶᠠᠨ ᠵᠠᠯ᠎ᠠ ᠳᠡᠭᠡᠷ᠎ᠡ ᠪᠠᠨ ᠶᠠᠭᠠᠷᠠᠳᠠᠭ

ᠦᠳᠡᠰᠢ ᠶᠢᠨ ᠪᠦᠷᠦᠢ ᠶᠢ ᠬᠤᠮᠢᠨ ᠢᠷᠠᠵᠤ

ᠦᠷ᠎ᠡ ᠪᠠᠨ ᠪᠦᠪᠠᠢ᠌ᠯᠠᠨ ᠣᠠᠳᠠᠭᠤᠯᠳᠠᠭ

ᠬᠠᠷ᠎ᠠ ᠨᠢᠳᠤᠨ ᠴᠢ ᠮᠢᠨᠢ

ᠬᠠᠮᠢᠭ᠎ᠠ ᠪᠠᠢ᠌ᠨ᠎ᠠ︖ ᠬᠠᠮᠢᠭ᠎ᠠ ᠪᠠᠢ᠌ᠨ᠎ᠠ︖


ᠠᠯᠤᠰ ᠡᠴᠡ ᠢᠷᠡᠭ᠍ᠰᠡᠨ ᠵᠠᠭᠢᠳᠠᠯ ᠢ ᠮᠢᠨᠢ

ᠵᠢᠷᠦᠭᠡᠨ ᠳᠡᠭᠡᠨ ᠨᠠᠭᠠᠵᠤ ᠬᠤᠨᠤᠳᠠᠭ

ᠠᠮᠢᠳᠤᠷᠠᠯ ᠤᠨ ᠳᠤᠯᠠᠭᠠᠨ ᠥᠷᠦᠭᠡ ᠪᠠᠨ

ᠵᠢᠷᠭᠠᠯ ᠶᠢᠡᠷ ᠵᠣᠢ᠌ᠷᠠᠯᠠᠵᠤ ᠰᠠᠭᠤᠳᠠᠭ

ᠬᠠᠷ᠎ᠠ ᠨᠢᠳᠤᠨ ᠴᠢ ᠮᠢᠨᠢ

ᠬᠠᠮᠢᠭ᠎ᠠ ᠪᠠᠢ᠌ᠨ᠎ᠠ︖ ᠬᠠᠮᠢᠭ᠎ᠠ ᠪᠠᠢ᠌ᠨ᠎ᠠ︖


ᠰᠠᠷᠠᠨ ᠤ ᠮᠥᠩᠭᠦᠨ ᠳᠤᠶᠠᠭᠠᠨ ᠳᠤᠤᠷ᠎ᠠ

ᠬᠠᠢ᠌ᠷ᠎ᠠ ᠪᠠᠨ ᠳᠦᠭᠦᠷᠡᠳᠡᠯ᠎ᠡ ᠭᠦᠯᠢᠶᠡᠳᠡᠭ᠌

ᠰᠠᠠᠰᠠᠷ ᠤᠨ ᠴᠠᠭᠠᠨ ᠡᠭᠦᠯᠡᠨ ᠳᠤᠤᠭᠤᠷ

ᠬᠠᠷᠠᠭ᠎ᠠ ᠪᠠᠨ ᠮᠤᠬᠤᠳᠠᠯ᠎ᠠ ᠰᠠᠷᠠᠪᠴᠢᠯᠠᠳᠠᠭ

ᠬᠠᠷ᠎ᠠ ᠨᠢᠳᠤᠨ ᠴᠢ ᠮᠢᠨᠢ

ᠬᠠᠮᠢᠭ᠎ᠠ ᠪᠠᠢ᠌ᠨ᠎ᠠ︖ ᠬᠠᠮᠢᠭ᠎ᠠ ᠪᠠᠢ᠌ᠨ᠎ᠠ︖


ᠳᠠᠭᠢᠮ ᠢ ᠨᠢ ᠰᠢᠭᠦᠷᠡᠨ ᠣᠷᠤᠰᠤᠭᠰᠠᠨ

ᠳᠠᠰ ᠬᠠᠷ᠎ᠠ ᠭᠡᠵᠢᠭᠡ ᠶᠢ ᠴᠢᠨᠢ ᠰᠠᠨᠠᠨ᠎ᠠ

ᠳᠠᠩᠨᠠᠢ ᠶᠢᠨ ᠡᠷᠢᠶ᠎ᠡ ᠪᠠᠷ ᠭᠦᠷᠦᠭ᠍ᠰᠡᠨ

ᠳᠠᠨᠠᠨ ᠴᠠᠭᠠᠨ ᠬᠠᠠᠵᠢᠶᠠᠷ ᠢ ᠴᠢᠨᠢ ᠭᠦᠰᠡᠨ᠎ᠡ

ᠬᠠᠷ᠎ᠠ ᠨᠢᠳᠤᠨ ᠴᠢ ᠮᠢᠨᠢ

ᠬᠠᠮᠢᠭ᠎ᠠ ᠪᠠᠢ᠌ᠨ᠎ᠠ︖ ᠬᠠᠮᠢᠭ᠎ᠠ ᠪᠠᠢ᠌ᠨ᠎ᠠ︖


ᠵᠤᠬᠢᠶᠠᠭᠴᠢ᠄ ᠬᠢ᠊·ᠮᠦᠩᠬᠡᠪᠠᠶᠠᠷ
ᠢᠷᠡᠯᠲᠡ᠄ ᠬᠦᠬᠡ‍ᠨᠠᠭᠤᠷ ᠤᠨ ᠨᠠᠷᠠᠨᠴᠡᠴᠡᠭ ᠬᠠᠩᠭᠠᠪᠠ
ᠬᠠᠷᠢᠶ᠎ᠠ᠄ ᠰᠢᠯᠦᠭ
ᠳᠠᠷᠤᠮ᠄ 4063
ᠴᠠᠭ᠄ 2006 ᠤᠨ ᠤ 10 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ