☆ ᠦ᠊·ᠠᠯᠳᠠᠠᠪᠣᠯᠠᠭ
ᠵᠥᠭᠡᠯᠡᠨ ᠠᠮᠠ
ᠠᠮᠠᠨ ᠳᠡᠭᠡᠷ᠎ᠡ ᠪᠠᠨ ᠡᠯᠭᠦᠭ᠍ᠰᠡᠨ
ᠠᠶ᠎ᠠ ᠵᠠᠰᠠᠭᠰᠠᠨ ᠥᠭᠡᠨ ᠤ
ᠠᠮᠳᠠ ᠨᠢ ᠰᠠᠢ᠌ᠬᠠᠨ ᠪᠠᠢ᠌ᠳᠠᠭ ᠶᠤᠮ
ᠠᠭᠢᠭᠠᠤᠨ ᠵᠠᠵᠢᠯᠬᠤ ᠳᠤ ᠭᠠᠰᠢᠭᠤᠨ ᠶᠤᠮ᠃
ᠣᠷᠴᠢᠨ ᠠᠬᠤᠢ ᠳᠤ ᠵᠤᠭᠢᠴᠠᠭᠰᠠᠨ
ᠣᠷᠠᠨ ᠪᠢᠯᠳᠠᠤᠴᠢ ᠥᠭᠡᠨ ᠤ
ᠠᠭᠤᠯᠭ᠎ᠠ ᠬᠤᠳᠠᠯ ᠪᠠᠢ᠌ᠳᠠᠭ ᠶᠤᠮ
ᠠᠭᠤᠳᠠᠯᠠᠬᠤ ᠳᠤᠳᠤᠮ ᠵᠠᠯᠢᠴᠢᠨ ᠶᠤᠮ ᠃
ᠥᠩᠭᠡᠪᠴᠢ ᠭᠦᠮᠤᠨ ᠤ ᠠᠮᠠ ᠭᠡᠭ᠍ᠴᠢ
ᠦᠷᠠᠵᠤ ᠨᠢᠮᠭᠡᠷᠡᠭ᠍ᠰᠡᠨ ᠭᠢᠳᠤᠭ᠎ᠠ ᠶᠤᠮ
ᠰᠠᠯᠭᠢ ᠰᠢᠷᠭᠤᠳᠠᠭ ᠵᠠᠢ ᠪᠠᠷ ᠴᠤ
ᠰᠠᠭᠢᠯ ᠦᠭᠡᠶ ᠣᠷᠤᠳᠠᠭ ᠶᠤᠮ᠃
ᠦᠨᠡᠨ ᠰᠡᠳᠭᠢᠯ ᠶᠢᠡᠨ ᠭᠠᠵᠢᠳᠠᠭ
ᠦᠪᠡᠷ ᠤᠨ ᠵᠢᠮ᠎ᠠ ᠡᠴᠡ ᠭᠠᠷᠳᠠᠭ
ᠪᠣᠰᠤᠳ ᠤᠨ ᠳᠤᠭᠤᠰᠤᠨ ᠳᠤ ᠪᠣᠯᠠᠭᠳᠠᠳᠠᠭ
ᠪᠣᠵᠠᠷ ᠶᠢᠡᠨ ᠳᠠᠯᠳᠠ ᠨᠢᠭᠤᠳᠠᠭ
ᠵᠥᠭᠡᠯᠡᠨ ᠠᠮᠠ ᠲᠡᠶ ᠭᠦᠮᠤᠨ ᠤ
ᠵᠢᠷᠦᠭᠡ ᠨᠢ ᠬᠠᠷ᠎ᠠ ᠪᠠᠢ᠌ᠳᠠᠭ ᠶᠤᠮ
ᠵᠦᠷᠢᠵᠤ ᠭᠠᠷᠬᠤ ᠵᠠᠪᠰᠢᠶᠠᠨ ᠳ᠋ᠤ
ᠮᠠᠭᠳᠠᠵᠤ ᠮᠠᠭᠤᠯᠠᠵᠤ ᠠᠮᠵᠢᠳᠠᠭ ᠶᠤᠮ᠃
ᠵᠦᠪ ᠪᠣᠷᠤᠭᠤ ᠬᠤᠶᠠᠷ ᠢ
ᠵᠦᠷᠢᠭᠦᠤ ᠶᠢ ᠨᠢ ᠳᠠᠭᠠᠷᠠᠭᠤᠯᠵᠤ ᠪᠣᠭᠴᠢᠬᠠᠳᠠᠭ
ᠵᠢᠳᠭᠦᠯ ᠥᠭᠦᠯ ᠬᠤᠶᠠᠷ ᠢ
ᠵᠢᠪᠡ ᠲᠡᠶ ᠳᠤᠭᠤᠭᠠᠨ ᠳᠤ ᠴᠢᠨᠠᠴᠢᠬᠠᠳᠠᠭ
ᠡᠮᠦᠨ᠎ᠡ ᠴᠢᠨᠢ ᠨᠢᠭᠡ ᠵᠢ
ᠠᠷᠤ ᠳᠤ ᠴᠢᠨᠢ ᠬᠤᠶᠠᠷ ᠢ
ᠡᠷᠭᠢᠭᠦᠯᠭᠡ ᠶᠢ ᠨᠢ ᠰᠠᠢ᠌ᠬᠠᠨ ᠵᠤᠭᠢᠴᠠᠭᠤᠯᠵᠤ
ᠳᠡᠯᠡᠭᠡ ᠢᠰᠢᠭᠡ ᠰᠢᠭ᠌ ᠭᠦᠭᠦᠳᠡᠭ᠌ ᠶᠤᠮ᠃
ᠵᠤᠬᠢᠶᠠᠭᠴᠢ ᠶᠢᠨ ᠬᠠᠶᠢᠭ ᠄ ᠳᠦᠷᠪᠠᠤᠨ ᠬᠤᠰᠢᠭᠤᠨ ᠤ ᠵᠢᠭᠠᠬᠤ ᠶᠢ ᠰᠤᠳᠤᠯᠬᠤ ᠳᠠᠰᠤᠭ
ᠵᠤᠬᠢᠶᠠᠭᠴᠢ᠄ ᠦ᠊·ᠠᠯᠳᠠᠠᠪᠣᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2693
ᠴᠠᠭ᠄ 2012 ᠤᠨ ᠤ 04 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ