ᠨᠡᠪᠲᠡᠷᠡᠨ ᠤᠷᠤᠬᠤ
ᠴᠢᠮ᠎ᠠ ᠳᠤ ᠳᠤᠷᠠᠯᠠᠳᠠᠭ ᠤᠨ ᠤᠴᠢᠷ

ᠭᠦᠰᠢᠭᠡᠯᠡᠨ ᠪᠠᠭᠤᠭᠰᠠᠨ

ᠭᠦ᠋ ᠬᠠᠷ᠎ᠠ ᠭᠡᠵᠢᠭᠡᠨ ᠳᠡᠭᠡᠷ᠎ᠡ ᠴᠢᠨᠢ

ᠰᠠᠷᠠᠨ ᠤ ᠰᠡᠭᠦᠳᠡᠷ ᠳᠤᠰᠬᠠᠬᠤ ᠦᠭᠡᠶ ᠭᠡᠵᠤ

ᠡᠷᠳᠡᠨᠢ ᠶᠢᠨ ᠮᠥᠩᠭᠦᠨ ᠰᠢᠭᠦᠷ ᠶᠢᠡᠨ ᠭᠦᠷᠭᠡᠭ᠍ᠰᠡᠨ ᠶᠤᠮ

ᠭᠦᠯᠦᠷᠡᠭᠦ ᠶᠢ ᠳᠠᠭᠠᠬᠤ ᠦᠭᠡᠶ

ᠭᠦᠷᠦᠰᠤ ᠨᠢᠮᠭᠡᠨ ᠬᠠᠴᠠᠷ ᠳᠡᠭᠡᠷ᠎ᠡ ᠴᠢᠨᠢ

ᠰᠠᠯᠭᠢᠨ ᠤ ᠳᠤᠭᠤᠰᠤ ᠨᠠᠭᠠᠯᠳᠤᠭᠤᠯᠬᠤ ᠦᠭᠡᠶ ᠭᠡᠵᠤ

ᠡᠷ᠎ᠡ ᠶᠢᠨ ᠳᠡᠷᠭᠡᠯ ᠵᠠᠶᠠᠭ᠎ᠠ ᠪᠠᠨ ᠪᠠᠯᠡᠭᠯᠡᠭ᠍ᠰᠡᠨ ᠶᠤᠮ

ᠪᠣᠯᠠᠭ ᠤᠨ ᠣᠰᠤ ᠰᠢᠭ ᠳᠤᠩᠭ᠋ᠠᠯᠠᠭ

ᠥᠭᠡ ᠭᠡᠯᠡᠳᠡᠭ᠌ ᠨᠢᠳᠤᠨ ᠳᠤ ᠴᠢᠨᠢ

ᠨᠠᠷᠠᠨ ᠤ ᠬᠤᠮᠠᠭ ᠣᠷᠤᠭᠤᠯᠬᠤ ᠦᠭᠡᠶ ᠭᠡᠵᠤ

ᠰᠤᠷᠮᠤᠤᠰᠤ ᠪᠣᠯᠤᠨ ᠣᠷᠭᠤᠬᠤ ᠶᠢ ᠭᠦᠰᠡᠭ᠍ᠰᠡᠨ ᠶᠤᠮ

ᠪᠣᠷᠳᠠᠭ ᠰᠠᠭᠤᠭ᠎ᠠ ᠦᠭᠡᠶ ᠴᠡᠪᠠᠷᠭᠡᠨ

ᠭᠡᠨᠡᠨ ᠴᠠᠢ᠌ᠯᠭᠠᠨ ᠢᠨᠢᠶᠠᠳᠤᠨ ᠳᠤ ᠴᠢᠨᠢ

ᠨᠠᠰᠤᠨ ᠤ ᠭᠤᠨᠢᠭ ᠰᠠᠭᠤᠯᠭᠠᠬᠤ ᠦᠭᠡᠶ ᠭᠡᠵᠤ

ᠰᠢᠪᠠᠭᠤ ᠪᠣᠯᠤᠨ ᠵᠢᠷᠭᠢᠭᠦ ᠶᠢ ᠰᠠᠨᠠᠭᠰᠠᠨ ᠶᠤᠮ

ᠵᠢᠰᠤᠨ ᠤ ᠴᠢᠨᠢ ᠭᠤᠶᠤ ᠳᠤ ᠰᠤᠭᠳᠤᠵᠤ

ᠳᠤᠯᠢ ᠪᠣᠯᠤᠨ ᠪᠠᠯᠪᠠᠷᠠᠬᠤ ᠶᠢ ᠰᠠᠨᠠᠭᠰᠠᠨ ᠶᠤᠮ

ᠵᠡᠭᠦᠳᠤᠨ ᠤ ᠴᠢᠨᠢ ᠭᠦᠨ ᠳᠤ ᠣᠮᠪᠠᠵᠤ

ᠳᠤᠷᠠᠰᠤᠯ ᠪᠣᠯᠤᠨ ᠴᠡᠯᠭᠡᠷᠡᠭᠦ ᠶᠢ ᠭᠦᠰᠡᠭ᠍ᠰᠡᠨ ᠶᠤᠮ

ᠳᠠᠭᠤᠯᠠᠬᠤ ᠳᠠᠭᠤᠤ ᠶᠢᠨ ᠴᠢᠨᠢ

ᠠᠶ᠎ᠠ ᠪᠣᠯᠤᠨ ᠣᠶᠠᠩᠭ᠋ᠠᠷᠠᠬᠤ ᠶᠢ ᠰᠠᠨᠠᠭᠰᠠᠨ ᠶᠤᠮ

ᠳᠤᠭᠳᠤᠯᠬᠤ ᠵᠢᠷᠦᠭᠡᠨ ᠤ ᠴᠢᠨᠢ

ᠴᠤᠭᠢᠯᠳᠠ ᠪᠣᠯᠤᠨ ᠯᠤᠭᠰᠢᠬᠤ ᠶᠢ ᠭᠦᠰᠡᠭ᠍ᠰᠡᠨ ᠶᠤᠮ᠃


ᠵᠤᠬᠢᠶᠠᠭᠴᠢ᠄ ᠯ·ᠤᠳᠤᠨ
ᠢᠷᠡᠯᠲᠡ᠄ ᠬᠦᠬᠡ‍ᠨᠠᠭᠤᠷ ᠤᠨ ᠨᠠᠷᠠᠨᠴᠡᠴᠡᠭ ᠬᠠᠩᠭᠠᠪᠠ
ᠬᠠᠷᠢᠶ᠎ᠠ᠄ ᠰᠢᠯᠦᠭ
ᠳᠠᠷᠤᠮ᠄ 5739
ᠴᠠᠭ᠄ 2006 ᠤᠨ ᠤ 11 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ