ᠨᠡᠪᠲᠡᠷᠡᠨ ᠤᠷᠤᠬᠤ
ᠬᠠᠪᠣᠷ ᠤᠨ ᠵᠦᠰᠠ

                    1

     ᠥᠡᠳᠦᠷᠯᠢᠭ᠌ ᠨᠢᠷᠤᠭᠤᠳ ᠬᠠᠪᠣᠷ ᠤᠨ ᠵᠦᠰᠠ ᠪᠠᠷ ᠠᠷᠴᠢᠭᠳᠠᠨ ᠴᠠᠪᠠᠷᠰᠢᠨ᠎ᠠ᠃ ᠣᠮᠠᠷ᠎ᠠ ᠵᠥᠭ᠌ ᠡᠴᠡ ᠪᠣᠰᠤᠨ ᠪᠣᠰᠤᠨ ᠢᠷᠡᠭᠦ ᠰᠢᠷ᠎ᠠ ᠰᠢᠭᠤᠷᠭ᠎ᠠ ᠶᠢ ᠳᠤᠭᠳᠠᠭᠠᠵᠤ ᠴᠢᠳᠠᠬᠤ ᠪᠣᠯᠤᠭᠠᠰᠠᠢ ᠭᠡᠵᠤ ᠪᠢ ᠵᠢᠷᠦᠭᠡᠨ ᠳᠡᠭᠡᠷ᠎ᠡ ᠪᠠᠨ ᠵᠡᠯᠪᠠᠷᠢᠪᠡ᠃ ᠴᠢᠭᠢᠭ᠌ ᠤᠨ ᠦᠨᠦᠷ ᠬᠠᠮᠠᠷ ᠴᠤᠷᠭᠢᠵᠤ ᠰᠡᠳᠭᠢᠯ ᠭᠡᠵᠢᠭᠡᠳᠡᠨ ᠭᠡᠩᠭᠦᠨ᠎ᠡ᠃ ᠡᠷᠭᠡ ᠶᠢᠨ ᠡᠮᠦᠨ᠎ᠡ ᠰᠥᠭᠦᠷᠡᠵᠤ ᠰᠤᠷᠤᠭ᠎ᠠ ᠦᠭᠡᠶ ᠵᠢᠷᠦᠭᠡ ᠮᠢᠨᠢ ᠴᠠᠷᠴᠠᠭᠠᠤᠨ ᠣᠢ ᠰᠠᠷᠠᠯ ᠳᠤ ᠮᠢᠨᠢ ᠣᠶᠠᠩᠭ᠋᠎ᠠ ᠶᠢᠨ ᠪᠠᠳᠠᠭ ᠤᠳ ᠭᠦᠴᠢᠷᠳᠡᠢ᠌ᠭᠡᠨ ᠡᠷᠭᠢᠯᠳᠦᠵᠤ ᠡᠷᠭᠢᠯᠳᠦᠭᠡᠳ ᠴᠡᠪᠴᠡᠷᠭᠡᠨ ᠴᠠᠭᠠᠨ ᠴᠠᠭᠠᠰᠤ ᠶᠢ ᠮᠢᠨᠢ ᠡᠷᠢᠶᠡᠡᠳᠦᠭᠦᠯᠵᠤ ᠣᠷᠭᠢᠯ᠎ᠠ᠃

                    2

     ᠭᠤᠤᠯ ᠭᠤᠷᠤᠬ᠎ᠠ ᠨᠤᠭᠤᠳ ᠬᠠᠮᠢᠭ᠎ᠠ ᠡᠴᠡ ᠡᠭᠢ ᠠᠪᠴᠤ ᠬᠠᠮᠢᠭ᠎ᠠ ᠰᠢᠩᠭᠡᠭᠡᠭᠦ ᠪᠣᠶᠤ ᠴᠢᠳᠬᠤᠯᠠᠵᠤ ᠪᠠᠢ᠌ᠬᠤ ᠶᠢ ᠪᠢ ᠮᠠᠳᠠᠵᠤ ᠳᠡᠢ᠌ᠭᠦ ᠦᠭᠡᠶ ᠴᠤ ᠠᠭᠤᠯᠠᠰ ᠨᠢᠴᠦᠭᠦᠷᠡᠭᠦ ᠪᠠᠷ ᠶᠢᠡᠨ ᠨᠢᠴᠦᠭᠦᠷᠡᠵᠤ ᠯᠠ ᠪᠠᠢ᠌ᠬᠤ ᠶᠢ ᠰᠠᠮ ᠣᠯᠵᠤ ᠬᠠᠷᠠᠯ᠎ᠠ᠃ ᠬᠠᠯᠠᠭᠠᠢ ᠳᠡᠭᠦᠭᠦ ᠪᠠᠷ ᠭᠠᠷᠤᠭᠰᠠᠨ ᠴᠢᠨᠢ ᠣᠷᠭᠤᠮᠠᠯ ᠪᠦᠭᠦᠨ ᠳᠠᠮᠤᠷ ᠳᠤᠤᠷ ᠲᠤ ᠬᠤᠷᠢᠭᠳᠠᠨ ᠳᠦᠭᠡᠷᠡᠴᠢᠭᠡᠭᠡᠳ ᠣᠷᠭᠤᠵᠤ ᠴᠢᠳᠠᠭ᠎ᠠ ᠦᠭᠡᠶ ᠪᠠᠢ᠌ᠯ᠎ᠠ᠃ ᠪᠢ ᠴᠤ ᠭᠠᠷ ᠢ ᠬᠠᠯᠠᠭᠠᠬᠤ ᠦᠷᠭᠡᠰᠤ ᠡᠴᠡ ᠨᠢ ᠡᠮᠢᠶᠡᠵᠤ ᠳᠡᠭᠦᠵᠤ ᠴᠢᠳᠠᠭᠰᠠᠨ ᠦᠭᠡᠶ ᠪᠣᠴᠠᠯ᠎ᠠ᠃ ᠰᠠᠭᠠᠭ ᠤᠨ ᠭᠤᠯᠢᠷ ᠤᠨ ᠵᠠᠯᠬᠠᠭᠤ ᠪᠣᠤᠪᠣ ᠬᠠᠭᠠᠷᠢᠵᠤ ᠢᠳᠡᠭᠦ ᠯᠠ ᠭᠡᠷᠡᠭ᠌ ᠪᠣᠯᠵᠠᠢ᠃

                    3

     ᠵᠠᠮ ᠰᠤᠨᠤᠯᠵᠠᠬᠤ ᠪᠠᠷ ᠶᠢᠡᠨ ᠰᠤᠨᠤᠯᠵᠠᠨ᠎ᠠ᠃ ᠳᠠᠢ᠌ᠮᠤ ᠭᠡᠮ᠂ ᠭᠡᠨ ᠤ ᠭᠡᠷ ᠤᠨ ᠡᠭᠦᠳᠡᠨ ᠡᠴᠡ ᠴᠤ ᠪᠠᠭᠡᠵᠢᠩ ᠭᠦᠷᠭᠦ ᠵᠠᠮ ᠲᠡᠶ ᠶᠤᠮ ᠴᠢᠨᠢ ︕ ᠭᠡᠶ᠎ᠡ ᠬᠠᠷ᠎ᠠ ᠳᠤᠯᠤᠭᠠᠢ᠌ᠳᠤ ᠭᠡᠳᠡᠭ᠌ ᠴᠢᠨᠢ ᠭᠡᠴᠡᠭᠦᠤ ᠡᠴᠡ ᠭᠡᠴᠡᠭᠦᠤ᠂ ᠶᠠᠪᠣᠬᠤ ᠦᠭᠡᠶ ᠵᠠᠮ ᠭᠡᠵᠤ ᠶᠠᠷᠤᠨᠢ ᠠᠯᠠᠭ᠎ᠠ ᠪᠣᠯᠴᠢᠬᠠᠵᠠᠢ ︕

                    4

    ᠨᠠᠷᠠ ᠡᠭᠦᠯᠡ ᠲᠡᠶ ᠴᠤ ᠭᠠᠷᠤᠨ᠎ᠠ᠂ ᠡᠭᠦᠯᠡ ᠥᠭᠡᠢ᠌ ᠴᠤ ᠭᠠᠷᠤᠨ᠎ᠠ᠃ ᠦᠳᠡᠰᠢ ᠪᠢᠰᠢ ᠯᠠ ᠪᠣᠯ ᠵᠤᠷᠰᠢᠯ ᠶᠤᠰᠤᠭᠠᠷ ᠶᠢᠡᠨ ᠮᠠᠠᠳᠤᠨ᠎ᠠ᠃ ᠡᠯᠡᠰᠤᠨ ᠰᠢᠭᠤᠷᠭ᠎ᠠ ᠪᠠᠢ᠌ᠳᠤᠭᠠᠢ ᠳᠠᠯᠠᠢ ᠶᠢᠨ ᠢᠰᠭᠡᠷᠤᠯᠲᠠ ᠴᠤ ᠬᠠᠷᠰᠢᠯᠠᠵᠤ ᠳᠡᠢ᠌ᠯᠭᠦ ᠦᠭᠡᠶ᠃ ᠳᠡᠯᠡᠭᠡᠢ ᠶᠢᠨ ᠪᠦᠮᠪᠦᠷᠴᠡᠭ᠌ ᠢ ᠰᠥᠢᠷᠡᠴᠢᠭᠡᠭᠦ ᠪᠠᠷ ᠯᠠ ᠱᠤᠤᠭᠢᠯᠳᠤᠨ᠎ᠠ᠂ ᠦᠨᠡᠨ ᠢ ᠬᠤᠳᠠᠯ ᠪᠣᠯᠭᠠᠵᠤ ᠴᠢᠳᠠᠬᠤ ᠦᠭᠡᠶ᠂ ᠬᠤᠳᠠᠯ ᠢ ᠨᠠᠩ ᠦᠨᠡᠨ ᠪᠣᠯᠭᠠᠵᠤ ᠴᠢᠳᠠᠬᠤ ᠦᠭᠡᠶ᠃

                    5

     ᠪᠣᠷᠤᠭ᠎ᠠ ᠵᠥᠰᠡᠷᠡᠭᠦ ᠪᠠᠷ ᠶᠢᠡᠨ ᠵᠦᠰᠠᠷᠠᠨ᠎ᠠ᠃ ᠥᠶ‍ᠦᠭ᠌ ᠪᠠᠢ᠌ᠭᠠᠯᠢ ᠶᠢᠨ ᠠᠮᠢᠵᠢᠷᠠᠯ ᠤᠨ ᠨᠠᠢ᠌ᠷᠠᠯ ᠭᠦᠭ᠍ᠵᠢᠮ ᠴᠢᠪᠬᠠᠳᠠᠵᠤ᠂ ᠬᠠᠪᠣᠷ ᠤᠨ ᠪᠣᠷᠤᠭ᠎ᠠ ᠵᠥᠰᠡᠷᠡᠭᠦ ᠪᠠᠷ ᠶᠢᠡᠨ ᠵᠦᠰᠠᠷᠠᠨ᠎ᠠ᠃ ᠠᠮᠢᠳᠤ ᠪᠠᠢ᠌ᠵᠤ ᠯᠠ ᠪᠠᠢ᠌ᠪᠠᠯ ᠠᠮᠢᠳᠤᠷᠠᠬᠤ ᠶᠢᠨ ᠠᠯᠪᠠ ᠲᠡᠶ ᠪᠣᠯᠬᠤᠷ ᠠᠵᠢᠯ ᠶᠢᠡᠨ ᠡᠭᠢᠯᠡᠭᠦᠯᠭᠦ ᠭᠡᠷᠡᠭ᠍ᠳᠡᠢ ᠪᠠᠢ᠌ᠳᠠᠭ᠃ ᠠᠮᠢᠳᠤᠷᠠᠯ ᠭᠡᠵᠤ ᠳᠠᠷᠠ ᠴᠢᠭ᠌ ᠶᠢᠡᠷ ᠶᠢᠡᠨ ᠨᠢᠭᠡᠨ ᠠᠶᠠᠨ ᠤ ᠴᠤᠪᠣᠭ᠎ᠠ ᠰᠢᠤ ᠳ᠋ᠠ ︕ ᠨᠤᠭᠤᠭ᠎ᠠ ᠶᠢᠨ ᠦᠨᠦᠷ ᠰᠠᠩᠭᠢᠨᠠᠵᠤ ᠠᠢ᠌ᠰᠤᠢ᠁

                    6

     ᠳᠤᠯᠭ᠎ᠠ ᠶᠢᠨ ᠭᠠᠯ ᠵᠥᠳᠡᠭᠦᠭᠡᠨ ᠣᠯᠠᠯᠵᠠᠨ᠎ᠠ᠃ ᠪᠠᠢ᠌ᠰᠢᠩ ᠭᠡᠳᠡᠭ᠌ ᠰᠠᠭᠤᠴᠠ ᠡᠴᠡ ᠪᠣᠯᠵᠤ ᠠᠵᠢᠯ ᠠᠯᠳᠠᠭᠰᠠᠨ ᠯᠠ ᠴᠢᠷᠠᠢ ︕ ᠳᠡᠭ᠍ᠷᠢ ᠭᠦᠢᠳᠡᠷᠡᠭᠦ ᠪᠠᠷ ᠯᠠ ᠰᠠ‍‌ᠶᠢ ᠴᠢᠮ᠎ᠠ ᠶᠢ ᠳᠠᠨᠢᠵᠤ ᠣᠯᠳᠠᠭ ᠭᠦᠮᠦᠰ ᠳᠤᠯᠠᠭᠠᠷᠠᠬᠤ ᠶᠢᠨ ᠡᠷᠡᠨ ᠳᠤ ᠮᠠᠷᠳᠠᠯ ᠦᠭᠡᠶ ᠶᠠᠭᠠᠭᠢᠬᠤᠪ᠃ ᠳᠦᠷᠪᠠᠨ ᠣᠯᠠᠷᠢᠯ ᠡᠭᠡᠯᠵᠢᠯᠡᠳᠡᠭ᠌ ᠵᠢᠮ᠎ᠠ ᠲᠡᠶ ᠪᠢᠰᠢᠤ ᠭᠡᠵᠤ ᠳᠤᠯᠭ᠎ᠠ ᠶᠢᠨ ᠶᠢᠡᠨ ᠭᠠᠯ ᠢ ᠰᠥᠨᠦᠭᠡᠯ ᠦᠭᠡᠶ ᠶᠠᠪᠣᠶ᠎ᠠ ︕ ᠪᠣᠰᠤᠳ ᠭᠦᠮᠤᠨ ᠮᠠᠨ ᠤ ᠲᠦᠯᠦᠭᠡ ᠳᠤᠯᠠᠭ᠎ᠠ ᠳᠤ ᠮᠢᠨᠢ ᠴᠦᠪᠣᠳᠠᠯ ᠨᠡᠮᠡᠭᠦ ᠶᠤᠰᠤ ᠦᠭᠡᠶ᠃

                    7

     ᠰᠤᠷᠭᠠᠭᠤᠯᠢ᠂ ᠨᠡᠢ᠌ᠭᠡᠮ᠂ ᠭᠡᠷ ᠪᠦᠯᠢ ᠭᠡᠭ᠍ᠴᠢ ᠳᠡᠭᠡᠰᠤᠨ ᠭᠤᠷᠪᠠᠨ ᠡᠷᠴᠢᠮ ᠰᠢᠭ᠌ ᠰᠠᠯᠵᠤ ᠪᠣᠯᠤᠰᠢ ᠦᠭᠡᠶ ᠨᠢᠭᠡᠳᠦᠮᠡᠯ ᠴᠤᠭᠴᠠ ᠪᠠᠢ᠌ᠭᠰᠠᠨ ᠴᠤ ᠭᠦᠯᠢᠰ ᠤᠨ ᠭᠤᠷᠪᠠᠨ ᠭᠦᠯ ᠰᠢᠭ᠌ ᠨᠠᠢ᠌ᠯᠠᠵᠤ ᠳᠦᠪᠳᠡᠭᠡᠳ ᠪᠠᠢ᠌ᠬᠤ ᠶᠤᠮ᠃ ᠰᠤᠷᠤᠭᠴᠢ᠂ ᠪᠠᠭᠰᠢ᠂ ᠭᠡᠷ ᠤᠨ ᠠᠬᠠᠮᠠᠤᠨ ᠭᠡᠭ᠍ᠴᠢ ᠳᠤᠰᠤ᠂ ᠳᠠᠪᠣᠰᠤ᠂ ᠨᠤᠭᠤᠭ᠎ᠠ ᠰᠢᠭ ᠠᠭᠤᠰᠤᠯᠴᠠᠭᠰᠠᠨ ᠪᠠᠢ᠌ᠬᠤ ᠳᠠᠭᠠᠨ ᠳᠠᠭᠠᠷᠠᠳᠠᠭ ᠴᠤ ᠴᠢᠳᠤᠷ ᠤᠨ ᠭᠤᠷᠪᠠᠨ ᠠᠯᠠᠭ᠎ᠠ ᠰᠢᠭ ᠳᠤᠰ ᠳᠤᠰ ᠲᠠᠭᠠᠨ ᠵᠢᠳᠭᠦᠭᠦᠯᠦᠨ᠎ᠡ᠃ ᠬᠠᠤᠯᠢ᠂ ᠵᠠᠰᠠᠭ᠂ ᠨᠤᠶᠠᠨ ᠭᠡᠭ᠍ᠴᠢ ᠣᠰᠤ᠂ ᠠᠭᠤᠷ᠂ ᠪᠣᠷᠤᠭᠠᠨ ᠰᠢᠭ ᠠᠪᠴᠠᠯᠳᠤᠭᠰᠠᠨ ᠪᠠᠢ᠌ᠪᠠᠯ ᠵᠤᠭᠢᠳᠠᠭ ᠴᠤ ᠴᠠᠭ ᠤᠨ ᠭᠤᠷᠪᠠᠨ ᠵᠡᠭᠦᠤ ᠰᠢᠭ᠌ ᠰᠠᠯᠵᠤ ᠨᠡᠢ᠌ᠯᠡᠭᠡᠳ ᠳᠤᠭᠳᠠᠪᠣᠷᠢ ᠦᠭᠡᠶ ᠨᠢ ᠭᠡᠴᠡᠭᠦᠤ ᠡ ︕

                    8

     ᠵᠤᠭᠤᠰ ᠲᠡᠶ ᠪᠣᠯ ᠴᠢᠳᠭᠦᠷ ᠶᠢᠡᠷ ᠳᠡᠭᠡᠷᠡᠮ᠎ᠡ ᠵᠢᠳᠭᠦᠭᠦᠯᠳᠡᠭ᠌᠃ ᠵᠢᠩᠰᠠ ᠲᠡᠶ ᠪᠣᠯ ᠵᠤᠭᠤᠰ ᠲᠡᠶ ᠴᠢᠳᠭᠦᠷ ᠶᠢᠡᠷ ᠴᠤ ᠳᠡᠭᠡᠷᠡᠮ᠎ᠡ ᠪᠠᠨ ᠵᠢᠳᠭᠦᠭᠦᠯᠵᠤ  ᠪᠤᠯᠳᠠᠭ ᠪᠠᠢ᠌ᠬ᠎ᠠ ︕ ᠵᠢᠮᠢᠰ ᠤᠨ ᠮᠤᠳᠤᠳ ᠴᠡᠴᠡᠭᠯᠡᠵᠤ ᠡᠭᠢᠯᠡᠯ᠎ᠡ᠂

ᠵᠢᠮᠢᠰ ᠢ ᠨᠢ ᠭᠡᠵᠢᠶ᠎ᠡ ᠣᠯᠵᠤ ᠢᠳᠡᠭᠦ ᠪᠠᠨ ᠦᠯᠦ ᠮᠡᠳᠡᠭ᠍ᠰᠡᠳ ᠶᠠᠪᠣᠬᠤ ᠳᠤᠳᠤᠮ ᠶᠢᠡᠨ ᠣᠯᠠᠰᠢᠷᠠᠵᠤ ᠯᠠ ᠪᠠᠢ᠌ᠯ᠎ᠠ᠃ ᠣᠢ᠌ᠯᠠᠭᠠᠵᠤ ᠭᠦᠴᠢᠷᠳᠡᠭᠡᠳ ᠦᠷᠯᠦᠭᠡ ᠡᠷᠳᠡᠯᠡᠨ ᠪᠣᠰᠴᠤ ᠭᠠᠳᠠᠨ᠎ᠠ ᠭᠠᠷᠪᠠᠯ ᠠᠭᠤᠯᠠᠰ ᠤᠨ ᠣᠷᠤᠢ ᠪᠠᠷ ᠴᠠᠰᠤ ᠭᠢᠷᠮᠠᠭᠯᠠᠴᠢᠬᠠᠭᠠᠤᠨ ᠭᠢᠯᠠᠯᠵᠠᠨ ᠬᠠᠷᠠᠭᠳᠠᠵᠤ ᠪᠠᠢ᠌ᠪᠠ᠃

                    9

     ᠮᠠᠷᠭᠠᠰᠢ ᠪᠣᠷᠤᠭᠠᠨ ᠲᠡᠶ ᠶᠤᠮ ᠦᠦ ᠳᠤᠩᠭ᠋ᠠᠯᠠᠭ ᠶᠤᠮ ᠦᠦ ︖ ᠪᠠᠷᠤᠭ ᠤᠨ ᠭᠦᠮᠦᠰ ᠮᠡᠳᠡᠳᠡᠭ᠌ ᠦᠭᠡᠶ᠃ ᠴᠠᠭ ᠠᠭᠤᠷ ᠤᠨ ᠳᠤᠪᠴᠢᠶ᠎ᠠ ᠯᠠ ᠳᠸᠯᠸᠰ ᠶᠢᠡᠷ ᠳᠠᠮᠵᠢᠭᠤᠯᠵᠤ ᠥᠭ᠍ᠳᠡᠭ᠌ ᠪᠠᠢ᠌ᠯ᠎ᠠ᠃ ᠠᠮᠢᠯᠠᠬᠤ ᠶᠢ ᠭᠦᠰᠡᠭ᠍ᠰᠡᠨ ᠭᠦᠭᠡ ᠡᠪᠠᠰᠤᠨ ᠤ ᠰᠤᠶᠤᠭ᠎ᠠ ᠯᠠ ᠭᠦᠷᠦᠰᠤ ᠴᠤᠭᠤᠴᠢᠵᠤ ᠶᠠᠳᠠᠭᠠᠤᠨ ᠴᠢᠭᠢᠭ᠌ ᠤᠨ ᠦᠨᠦᠷ ᠬᠠᠢ᠌ᠭᠤᠯᠳᠤᠨ᠎ᠠ᠃ ᠬᠤᠯᠠ ᠶᠢ ᠬᠠᠷᠠᠬᠤ ᠳᠤ ᠳᠦᠭᠦᠮ ᠭᠡᠵᠤ ᠠᠭᠤᠯᠠᠰ ᠮᠢᠨᠢ ᠦᠨᠳᠦᠷ ᠣᠷᠭᠤᠭᠰᠠᠨ ᠣᠴᠢᠷ ᠪᠢᠳᠠᠨ ᠤ ᠨᠢᠳᠤᠨ ᠳᠤ ᠳᠤᠷᠠᠨ ᠲᠡᠶ᠃ ᠠᠭᠤᠵᠢᠷᠠᠳᠠᠯ᠎ᠠ ᠳᠠᠪᠭᠢᠬᠤ ᠳᠤ ᠳᠦᠲᠡ ᠭᠡᠮᠡᠨ ᠳᠠᠯ᠎ᠠ ᠮᠢᠨᠢ ᠳᠠᠢ᠌ᠪᠣᠭᠤ ᠪᠠᠢ᠌ᠳᠠᠭ ᠡᠴᠡ ᠰᠡᠳᠭᠢᠯ ᠳᠤ ᠪᠠᠨ ᠮᠠᠨᠤᠰ ᠊ᠭ᠍‍ᠬᠢᠷ ᠦᠭᠡᠶ᠃ ᠣᠷᠤᠰᠢᠯ ᠥᠭᠡᠢ᠌ᠳᠡᠭ᠍ᠰᠡᠨ ᠳᠡᠭ᠍ᠷᠢ ᠶᠢᠨ ᠨᠤᠬᠠᠢ᠌ᠳ ᠵᠡᠭᠡᠷ᠎ᠡ ᠶᠢᠨ ᠶᠢᠡᠨ ᠬᠣᠢ᠌ᠨ᠎ᠠ ᠡᠴᠡ ᠣᠳᠤᠯ᠎ᠠ᠃ ᠳᠠᠯ᠎ᠠ ᠶᠢᠨ ᠵᠡᠷᠭᠡᠯᠭᠡᠨ ᠰᠢᠭ᠌ ᠮᠢᠷᠠᠯᠵᠠᠩᠬᠠᠨ ᠪᠠᠯᠴᠢᠭᠡᠷᠯᠡᠳᠡᠭ᠌ ᠠᠳᠤᠭᠤᠨ ᠴᠤᠪᠣᠭ᠎ᠠ ᠮᠢᠨᠢ ᠪᠠᠯᠠᠷᠠᠭᠰᠠᠭᠠᠷ ᠠᠪᠠᠢ᠁


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6163
ᠴᠠᠭ᠄ 2011 ᠤᠨ ᠤ 06 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ