☆ ᠬᠠ᠊·ᠯᠢᠩᠬᠸ᠎ᠠ
ᠨᠠᠭᠠᠰᠢᠯᠠᠭᠠ ᠰᠠᠷ᠎ᠠ ᠰᠢᠨ᠎ᠡ
ᠨᠠᠭᠠᠰᠢᠯᠠᠭᠠ ᠰᠠᠷ᠎ᠠ ᠰᠢᠨ᠎ᠡ ᠪᠠᠶᠠᠷ ᠶᠢᠡᠷ ᠶᠢᠡᠨ ᠮᠦᠰᠢᠶᠠᠨᠡ
ᠨᠠᠷᠠᠳᠤ ᠶᠢᠨ ᠬᠤᠷᠸ᠎ᠠ ᠪᠠᠢ᠌ᠭᠠᠯᠢ ᠪᠠᠷ ᠶᠢᠡᠨ ᠪᠠᠶᠠᠰᠬᠠᠨ᠎ᠠ
ᠨᠠᠪᠴᠢᠨ ᠤ ᠥᠩᠭᠡ ᠣᠯᠠᠷᠢᠯ ᠶᠢᠡᠷ ᠶᠢᠡᠨ ᠪᠣᠳᠤᠭᠰᠢᠨᠠ
ᠨᠠᠢ᠌ᠷᠠᠭ ᠤᠨ ᠤᠶᠠᠩᠭ᠎ᠠ ᠰᠡᠳᠭᠢᠯ ᠶᠢᠡᠷ ᠶᠢᠡᠨ ᠱᠠᠭᠢᠨ᠎ᠠ
ᠨᠡᠢ᠌ᠭᠡᠮ ᠤᠨ ᠭᠦᠭ᠍ᠵᠢᠯᠳᠡ ᠠᠮᠤᠭᠤᠯᠠᠩ ᠶᠢᠡᠷ ᠶᠢᠡᠨ ᠳᠠᠪᠰᠢᠨ᠎ᠠ
ᠨᠠᠢ᠌ᠷᠠᠯ ᠳᠠᠭᠤᠤ ᠠᠶᠠᠯᠭᠤ ᠪᠠᠷ ᠶᠢᠡᠨ ᠡᠭ᠍ᠡᠰᠢᠭᠯᠡᠨᠡ
ᠨᠠᠠᠵᠢᠨ ᠪᠦᠰᠡᠭᠦᠢ ᠭᠤᠸᠠᠯᠢᠭ ᠶᠢᠡᠷ ᠶᠢᠡᠨ ᠳᠠᠳᠠᠨ᠎ᠠ
ᠨᠠᠩᠴᠢᠳ ᠰᠠᠷᠬᠤᠤᠨ ᠬᠠᠯᠠᠭᠤᠨ ᠶᠢᠡᠷ ᠶᠢᠡᠨ ᠰᠤᠭᠳᠤᠭᠠᠨᠠ
ᠨᠠᠮᠵᠤᠷ ᠵᠠᠩ ᠠᠭᠠᠯᠢ ᠪᠠᠷ ᠶᠢᠡᠨ ᠳᠤᠳᠤᠷᠠᠨ᠎ᠠ
ᠨᠠᠷᠮᠠᠢ ᠮᠤᠩᠭ᠋ᠤᠯ ᠭᠡᠢ᠌ᠮᠦᠷᠢ ᠪᠠᠷ ᠶᠢᠡᠨ ᠰᠦᠮᠪᠦᠷᠢᠯᠠᠨᠡ
ᠨᠠᠢ᠌ᠵᠠ ᠶᠢᠨ ᠨᠥᠭᠦᠷᠯᠡᠯ ᠨᠠᠢ᠌ᠷᠰᠠᠭ ᠶᠢᠡᠷ ᠶᠢᠡᠨ ᠪᠠᠳᠤᠵᠢᠨᠠ
ᠨᠠᠰᠤᠨ ᠤ ᠨᠡᠮᠡᠭ᠍ᠳᠡᠯ ᠵᠢᠮ᠎ᠠ ᠪᠠᠷ ᠶᠢᠡᠨ ᠡᠯᠡᠭ᠍ᠳᠡᠨ᠎ᠡ
ᠨᠠᠷᠭᠢᠶᠠᠠᠳᠤ ᠰᠠᠷ᠎ᠠ ᠰᠢᠨ᠎ᠡ ᠡᠷᠭᠢᠯᠳᠡ ᠪᠠᠷ ᠶᠢᠡᠨ ᠢᠷᠠᠨ᠎ᠡ
ᠨᠠᠵᠢᠷ ᠬᠠᠯᠠᠭᠤᠨ ᠡᠷᠭᠢᠮᠰᠦᠭ᠌ ᠶᠢᠡᠷ ᠶᠢᠡᠨ ᠣᠭᠳᠤᠨ᠎ᠠ
2013 ᠣᠨ ᠤ 1 ᠰᠠᠷ᠎ᠠ ᠶᠢᠨ 28 ᠊ᠤ ᠡᠳᠦᠷ
ᠵᠤᠬᠢᠶᠠᠭᠴᠢ ᠶᠢᠨ ᠬᠠᠶᠢᠭ ᠄ ᠰᠦᠨᠢᠳ ᠵᠡᠭᠦᠨ ᠬᠤᠰᠢᠭᠤ
ᠵᠤᠬᠢᠶᠠᠭᠴᠢ᠄ ᠬᠠ᠊·ᠯᠢᠩᠬᠸ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 11828
ᠴᠠᠭ᠄ 2013 ᠤᠨ ᠤ 01 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ