☆ ᠭᠡᠷᠡᠯᠳᠦᠶᠠᠭ᠎ᠠ
ᠪᠠᠭ
ᠬᠡᠦᠬᠡᠳ ᠨᠢᠭᠤᠷ ᠲᠡᠭᠡᠨ ᠵᠡᠭᠦᠴᠢᠭᠡᠭᠡᠳ
ᠭᠦᠮᠤᠨ ᠠᠶᠤᠯᠭᠠᠨ᠎ᠠ ᠭᠡᠳ ᠭᠦᠭᠡᠷᠴᠤ ᠪᠠᠢ᠌ᠳᠠᠭ
ᠭᠦᠭᠡ ᠬᠠᠷ᠎ᠠ ᠡᠯᠳᠡᠪ ᠥᠩᠭᠡ ᠠᠯᠠᠭᠯᠠᠭᠰᠠᠨ
ᠭᠡᠪᠠᠷᠡᠭᠭᠡᠨ ᠵᠤᠬᠢᠶᠠᠭᠰᠠᠨ ᠪᠠᠭ ᠪᠠᠢ᠌ᠳᠠᠭ ᠢ
ᠭᠡᠯᠡᠵᠤ ᠭᠢᠭᠦ ᠨᠢ ᠨᠢᠭᠡᠳᠭᠦ ᠥᠭᠡᠢ
ᠶᠡᠭᠡ ᠶᠢ ᠶᠠᠷᠢᠵᠤ ᠪᠠᠭ᠎ᠠ ᠶᠢ ᠥᠢᠯᠡᠳᠦᠳᠡᠭ᠌ ᠢ
ᠬᠡ ᠵᠢᠷᠤᠭ ᠶᠢᠡᠷ ᠯᠠ ᠨᠢᠳᠤ ᠬᠠᠭᠤᠷᠳᠠᠭ
ᠭᠡᠩᠭᠦᠳᠡᠭ᠌ ᠲᠡᠭᠡᠨ ᠭᠦᠡᠳᠡᠢ ᠪᠠᠭ ᠪᠠᠢ᠌ᠳᠠᠭ ᠢ
ᠨᠢᠭᠤᠷ ᠳᠠᠭᠢ ᠳᠤᠯᠠᠢ᠌ᠮ᠎ᠠ ᠮᠦᠰᠢᠶᠠᠯ ᠶᠢᠡᠷ ᠵᠢᠠᠨ
ᠪᠦᠷᠭᠦᠭ᠌ ᠮᠠᠭᠤᠬᠠᠢ ᠪᠠᠨ ᠬᠠᠯᠬᠠᠯᠠᠵᠤ ᠪᠠᠢ᠌ᠳᠠᠭ ᠢ
ᠪᠣᠶᠠᠨ ᠨᠢᠭᠦᠯ ᠤᠨ ᠵᠠᠭᠠᠭ ᠢ ᠬᠤᠤᠠᠬᠤᠭᠰᠠᠨ
ᠪᠣᠳᠤᠯ ᠳᠦᠭᠡᠷᠢᠭᠦᠯᠦᠭ᠍ᠰᠡᠨ ᠪᠠᠭ ᠪᠠᠢ᠌ᠳᠠᠭ ᠢ
ᠠᠮᠠᠨ ᠳᠠᠭᠠᠨ ᠪᠠᠯ ᠨᠠᠭᠠᠯᠳᠤᠭᠤᠯᠤᠭᠰᠠᠨ ᠴᠤ
ᠠᠶᠤᠤᠯᠢᠬᠠᠢ ᠳᠠᠭᠠᠨ ᠵᠢᠳᠠ ᠡᠪᠦᠷᠯᠡᠳᠡᠭ᠌ ᠢ
ᠠᠯᠠᠭ ᠲᠡᠶ ᠰᠠᠨᠠᠭ᠎ᠠ ᠵᠠᠢ᠌ᠮᠤᠴᠢᠯᠠᠭᠰᠠᠨ ᠪᠣᠳᠤᠯ ᠤᠨ
ᠠᠯᠤᠰ ᠨᠢᠭᠤᠭᠳᠠᠭᠰᠠᠨ ᠪᠠᠭ ᠪᠠᠢ᠌ᠳᠠᠭ ᠢ
ᠠᠶᠠᠭ᠎ᠠ ᠣᠰᠤ ᠶᠢ ᠳᠡᠭ᠍ᠰᠢᠭᠡᠨ ᠪᠠᠷᠢᠳᠠᠭ ᠥᠭᠡᠢ
ᠬᠠᠢ᠌ᠷ᠎ᠠ ᠶᠢᠨ ᠳᠡᠩᠨᠡᠭᠦᠷ ᠲᠤ ᠵᠦᠷᠢᠶ᠎ᠠ ᠪᠠᠢ᠌ᠳᠠᠭ ᠢ
ᠠᠰ ᠨᠢᠭᠤᠷᠳᠠᠨ ᠰᠡᠭᠦᠯ ᠰᠢᠷᠪᠢᠭᠦ ᠴᠤ
ᠠᠷᠤ ᠡᠴᠠ ᠨᠢ ᠵᠠᠭᠤᠳᠠᠭ ᠪᠠᠭ ᠪᠠᠢ᠌ᠳᠠᠭ ᠢ
ᠳᠤᠯᠤᠭᠠᠢ ᠨᠢ ᠭᠡᠳᠡᠢ᠌ᠵᠤ ᠴᠡᠭᠡᠵᠢ ᠨᠢ ᠳᠡᠨᠡᠢ᠌ᠭᠦ ᠪᠠᠷ
ᠰᠡᠭᠦᠯ ᠨᠢ ᠳᠠᠭᠠᠭᠠᠤᠨ ᠡᠷᠳᠡᠢ᠌ᠳᠡᠭ᠌ ᠢ
ᠳᠤᠭ᠎ᠠ ᠨᠤᠷᠮ᠎ᠠ ᠪᠠᠷ ᠪᠦᠭᠦᠨ ᠢ ᠠᠶᠠᠳᠠᠭᠤᠯᠤᠭᠰᠠᠨ
ᠳᠤᠯᠤᠭᠠᠢ ᠡᠷᠭᠢᠭᠦᠯᠦᠭ᠍ᠰᠡᠨ ᠪᠠᠭ ᠪᠠᠢ᠌ᠳᠠᠭ ᠢ
ᠢᠨᠠᠭ ᠰᠡᠳᠭᠢᠯ ᠵᠥᠩᠳᠡᠭᠡᠨ ᠪᠠᠢ᠌ᠳᠠᠭ ᠴᠤ
ᠣᠰᠠᠳᠴᠤ ᠬᠤᠪᠢᠷᠠᠬᠤ ᠪᠠᠷ ᠨᠢ ᠡᠮᠵᠡᠭ᠌ ᠪᠠᠢ᠌ᠳᠠᠭ ᠢ
ᠦᠨᠡᠠᠴᠢ ᠬᠠᠢ᠌ᠷ᠎ᠠ ᠶᠢᠨ ᠢᠳᠡᠭᠡᠰᠢᠯ ᠳᠤᠯᠢᠳᠠᠬᠤ ᠪᠠᠷ
ᠣᠶᠠᠷᠠᠵᠤ ᠬᠠᠷᠠᠮᠰᠠᠬᠤ ᠨᠢ ᠭᠦᠡᠳᠦᠭᠡᠨ ᠪᠠᠢ᠌ᠳᠠᠭ ᠪᠠᠭ ᠪᠠᠢ᠌ᠳᠠᠭ ᠢ
ᠬᠤᠳᠠᠯ ᠭᠡᠳᠡᠭ᠌ ᠢ ᠡᠶᠡᠷᠡᠭᠦᠯᠤᠨ ᠳᠠᠭᠤᠳᠠᠭᠰᠠᠨ
ᠬᠠᠯᠬᠠᠪᠴᠢ ᠪᠣᠯᠤᠭᠰᠠᠨ ᠪᠠᠭ ᠤᠳ ᠪᠠᠢ᠌ᠳᠠᠭ
ᠭᠦᠮᠤᠨ ᠤ ᠬᠠᠷᠢᠴᠠᠭ᠎ᠠ ᠨᠡᠢ᠌ᠭᠡᠮ ᠤᠨ ᠬᠤᠯᠪᠣᠭᠠᠨ ᠳ᠋ᠤ
ᠭᠡᠴᠦᠨᠡᠨ ᠣᠯᠠᠨ ᠡᠢ᠌ᠮᠤ ᠳᠠᠢ᠌ᠮᠤ ᠪᠠᠭ ᠪᠠᠢ᠌ᠳᠠᠭ ᠢ
ᠨᠢᠳᠤ ᠪᠠᠷ ᠶᠢᠡᠨ ᠬᠠᠷᠠᠵᠤ ᠳᠤᠩᠭ᠋ᠠᠶᠠ
ᠰᠡᠳᠭᠢᠯ ᠳᠡᠭᠡᠨ ᠰᠢᠩᠭᠡᠭᠡᠵᠤ ᠣᠬᠠᠮᠵᠢᠯᠠᠶᠠ
ᠭᠦᠮᠦᠰ ᠡ︕
ᠵᠤᠬᠢᠶᠠᠭᠴᠢ ᠶᠢᠨ ᠬᠠᠶᠢᠭ᠄ ᠰᠢᠯᠢ ᠶᠢᠨ ᠭᠤᠤᠯ ᠠᠢ᠌ᠮᠠᠭ ᠰᠦᠨᠢᠳ ᠵᠡᠭᠦᠨ ᠬᠤᠰᠢᠭᠤ
ᠵᠤᠬᠢᠶᠠᠭᠴᠢ᠄ ᠭᠡᠷᠡᠯᠳᠦᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2638
ᠴᠠᠭ᠄ 2010 ᠤᠨ ᠤ 07 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ