ᠨᠡᠪᠲᠡᠷᠡᠨ ᠤᠷᠤᠬᠤ
ᠮᠢᠨᠤ ᠨᠤᠳᠤᠭ
᠊᠊᠊᠊᠊᠊᠊᠊᠊᠊᠊᠊᠊᠊᠊᠊᠊᠊᠊᠊᠊᠊᠊᠊᠊᠊᠊᠊᠊᠊ ᠦᠵᠤᠮ ᠤᠨ ᠴᠡᠩᠭᠡᠷ ᠭᠦᠳᠡᠭᠡ

ᠦᠵᠦᠮ ᠵᠢᠮᠢᠰ ᠲᠡᠶ ᠠᠭᠤᠯᠠ ᠬᠠᠩᠭ᠋ᠠᠢ

ᠣᠨᠢᠶᠠᠷᠳᠤᠨ ᠴᠡᠩᠭᠡᠷᠯᠡᠭᠦ ᠰᠢᠯᠢ ᠨᠢᠷᠤᠭᠤ

ᠦᠶᠡᠯᠠᠨ ᠳᠤᠯᠭᠢᠶᠠᠯᠠᠬᠤ ᠳᠤᠯᠢᠨ ᠪᠦᠷᠢᠳᠤ

ᠣᠭᠠᠯᠵᠠᠯᠠᠨ ᠣᠷᠤᠰᠬᠤ ᠳᠤᠩᠭ᠋ᠠᠯᠠᠭ ᠭᠤᠤᠯ


ᠪᠣᠷᠤᠯᠵᠢ ᠰᠠᠢ᠌ᠳᠠᠢ ᠪᠣᠷᠤ ᠮᠠᠩᠬ᠎ᠠ

ᠪᠣᠷᠭᠠᠰᠤ ᠨᠠᠮᠢᠷᠠᠭᠰᠠᠨ ᠠᠯᠠᠭ᠎ᠠ ᠴᠥᠩᠭᠦᠷᠦᠭ᠌

ᠳᠠᠷᠠᠰᠤᠳᠤ ᠬᠤᠭᠤᠯᠠᠢ ᠭᠤᠪᠢ ᠶᠢᠨ ᠪᠠᠯᠴᠢᠭᠡᠷ

ᠳᠡᠭᠡᠳᠦᠰ ᠡᠴᠠ ᠥᠪᠯᠡᠭ᠍ᠰᠡᠨ ᠮᠢᠨᠤ ᠨᠤᠳᠤᠭ


ᠣᠢ ᠳᠠᠢ᠌ᠭ᠎ᠠ ᠶᠢᠨ ᠪᠣᠭᠤ ᠶᠢᠨ ᠣᠷᠤᠮᠳᠠᠭ᠎ᠠ

ᠠᠭᠤᠯᠠᠨ ᠭᠦᠨ ᠤ ᠪᠠᠷᠰ ᠤᠨ ᠭᠦᠷᠭᠢᠷᠡᠭᠡ

ᠣᠳᠤ ᠲᠡᠶ ᠰᠦᠨᠢ ᠶᠢᠨ ᠴᠢᠨ᠋ᠸ᠎ᠠ ᠶᠢᠨ ᠣᠯᠢᠭ᠎ᠠ

ᠣᠩᠭ᠋ᠤᠨ ᠨᠤᠳᠤᠭ ᠤᠨ ᠰᠦᠯᠳᠡ ᠶᠢᠨ ᠰᠠᠭᠢᠶ᠎ᠠ


ᠪᠣᠳᠠᠨ ᠤ ᠡᠩᠭᠡᠷ ᠤᠨ ᠳᠠᠤᠯᠠᠢ ᠶᠢᠨ ᠪᠣᠯᠳᠠᠭ᠎ᠠ

ᠪᠣᠷᠤᠯᠵᠢᠨ ᠤ ᠨᠠᠮᠠᠭᠠᠨ ᠤ ᠭᠤᠯᠢᠶ᠎ᠠ ᠶᠢᠨ ᠵᠢᠷᠭᠢᠭᠡ

ᠭᠤᠪᠢ ᠭᠦᠡᠳᠡᠢ ᠶᠢᠨ ᠵᠡᠭᠡᠷ᠎ᠡ ᠶᠢᠨ ᠳᠠᠭᠰᠢᠭ᠎ᠠ

ᠭᠣᠢ᠌ᠳᠠ ᠨᠤᠳᠤᠭ ᠤᠨ ᠮᠢᠨᠢ ᠦᠨᠢᠳᠠ ᠶᠢᠨ ᠴᠢᠮᠡᠭ᠌


ᠵᠠᠯᠠᠯᠠᠵᠤ ᠢᠷᠡᠭᠦ ᠬᠤᠨ ᠤ ᠰᠦᠷᠦᠭ᠌

ᠵᠡᠭᠡᠰᠤᠨ ᠳᠤ ᠡᠭᠦᠷᠯᠡᠭᠦ ᠠᠯᠠᠭ ᠨᠤᠭᠤᠰᠤ

ᠵᠢᠷᠭᠢᠨ ᠱᠤᠯᠤᠭᠤᠨᠠᠬᠤ ᠭᠡᠭᠡᠷ᠎ᠡ ᠶᠢᠨ ᠪᠣᠯᠵᠤᠮᠤᠷ

ᠵᠠᠶᠠᠭ᠎ᠠ ᠲᠡᠶ ᠨᠤᠳᠤᠭ ᠤᠨ ᠡᠩᠭᠡ ᠶᠢᠨ ᠳᠡᠮᠳᠡᠭ᠌


ᠦᠵᠤᠮ ᠤᠨ ᠥᠩᠭᠡ ᠪᠠᠷ ᠳᠠᠯ᠎ᠠ ᠴᠡᠩᠭᠡᠷᠯᠡᠵᠤ

ᠡᠭᠦᠯᠡᠨ ᠳᠤᠯᠤᠭᠠᠢ ᠠᠭᠤᠯᠠ ᠰᠢᠭᠦᠷᠤᠨ᠎ᠡ

ᠣᠭᠠᠯᠵᠠᠨ ᠭᠤᠷᠤᠬ᠎ᠠ ᠶᠢᠨ ᠮᠦᠩᠭᠦᠨ ᠣᠷᠤᠰᠬᠠᠯ

ᠤᠶᠠᠩ‍ᠭ᠎ᠠ ᠠᠶᠠᠯᠤᠭᠠᠤᠨ ᠳᠡᠷᠳᠡᠭᠡ ᠶᠢ ᠴᠢᠭᠯᠡᠨ᠎ᠡ


ᠠᠭᠤᠯᠠᠨ ᠳᠤᠯᠤᠭᠠᠢ ᠳᠤ ᠠᠳᠤᠭᠤ ᠵᠤᠭᠰᠤᠨ

ᠣᠰᠤᠨ ᠤ ᠭᠦᠪᠠᠭᠡ ᠪᠠᠷ ᠥᠭᠡᠷ ᠭᠡᠪᠳᠡᠨ᠎ᠡ

ᠬᠤᠳᠠᠨ ᠤ ᠵᠠᠬ᠎ᠠ ᠳᠤ ᠬᠤᠨᠢᠳ ᠪᠦᠭᠡᠮᠨᠡᠷᠡᠵᠤ

ᠬᠤᠯᠠ ᠶᠢᠨ ᠭᠤᠪᠢ ᠳᠤ ᠳᠡᠮᠡᠭᠡ ᠰᠠᠯᠭᠢᠳᠠᠨ᠎ᠠ


ᠲ᠋ᠠᠭᠠᠨ᠎ᠠ ᠠᠩᠭᠢᠯᠤᠭᠰᠠᠨ ᠳᠠᠯ᠎ᠠ ᠶᠢᠨ ᠪᠠᠯᠴᠢᠭᠡᠷ

ᠳᠠᠩᠰᠤᠭ ᠠᠮᠢᠳᠤᠷᠠᠯ ᠤᠨ ᠪᠣᠶᠠᠨ ᠤ ᠣᠠᠳᠤᠷᠤᠯ

ᠳᠠᠷᠭᠤ ᠳᠦᠭᠦᠷᠡᠩ ᠪᠠᠶᠠᠨ ᠰᠦᠷᠦᠭ᠌

ᠳᠠᠯ᠎ᠠ ᠶᠢᠨ ᠪᠠᠯᠴᠢᠭᠡᠷ ᠲᠤ ᠳᠠᠨᠠᠨ ᠰᠢᠭᠢᠳᠭᠡᠷᠢ


ᠦᠷᠭᠦᠭᠡ ᠶᠢᠨ ᠳᠤᠭᠤᠨᠤ ᠪᠠᠷ ᠣᠳᠤᠭ᠎ᠠ ᠰᠤᠭᠤᠨᠠᠭᠯᠠᠵᠤ

ᠡᠭᠡᠭᠦᠨ ᠴᠠᠢ ᠶᠢᠨ ᠦᠨᠦᠷ ᠬᠠᠩᠬᠤᠯᠤᠨ᠎ᠠ

ᠳᠤᠯᠭ᠎ᠠ ᠶᠢᠨ ᠭᠠᠯ ᠠᠯᠭᠤᠷ ᠰᠥᠨᠦᠭᠦ ᠳᠤ

ᠳᠤᠭᠤᠭ᠎ᠠ ᠲᠡᠶ ᠰᠦᠨ ᠳᠤ ᠦᠷᠤᠮ᠎ᠠ ᠭᠦᠰᠢᠨ᠎ᠡ


ᠠᠢ᠌ᠷᠠᠭ ᠤᠨ ᠭᠠᠩ ᠠᠮᠠᠰᠠᠷ ᠮᠠᠯᠮᠠᠷᠠᠵᠤ

ᠠᠭᠠᠷᠤ ᠶᠢᠨ ᠳᠤᠳᠤᠷ᠎ᠠ ᠰᠥ᠋ ᠴᠠᠯᠭᠢᠨ᠎ᠠ

ᠢᠷᠭᠡ ᠶᠢᠨ ᠰᠢᠭᠦᠰᠤ ᠳᠠᠪᠰᠢ ᠳᠦᠭᠦᠷᠴᠤ

ᠢᠨᠢᠶᠠᠳᠤ ᠭᠦᠷ ᠶᠢᠡᠷ ᠭᠡᠷ ᠪᠢᠯᠬᠠᠨ᠎ᠠ


ᠨᠠᠪᠴᠢᠨ ᠦᠵᠦᠭᠦᠷ ᠳᠤᠷᠭ᠎ᠠ ᠪᠠᠷ ᠨᠠᠮᠢᠷᠠᠵᠤ

ᠨᠠᠷᠮᠠᠢ ᠭᠦᠳᠡᠭᠡ ᠳᠤ ᠨᠠᠷᠠ ᠨᠠᠪᠴᠢᠨ᠎ᠡ

ᠨᠠᠢ᠌ᠷᠠᠭᠰᠠᠨ ᠳᠡᠷᠭᠡᠨ ᠳᠤ ᠮᠤᠷᠢᠳ ᠢᠯᠠᠭᠠᠷᠬᠠᠵᠤ

ᠨᠠᠯᠠᠭᠠᠷ ᠭᠦᠡᠳᠡᠢ ᠪᠠᠶᠠᠷ ᠶᠢᠡᠷ ᠬᠠᠯᠭᠢᠨ᠎ᠠ


ᠲ᠋ᠠᠯ᠎ᠠ ᠶᠢᠨ ᠴᠡᠯᠡᠭᠡᠷ ᠲᠤ ᠨᠢᠳᠤ ᠠᠯᠳᠠᠵᠤ

ᠳᠠᠷᠠᠭ ᠤᠨ ᠦᠨᠦᠷ ᠲᠤ ᠰᠠᠨᠠᠭ᠎ᠠ ᠰᠤᠭᠳᠤᠨ᠎ᠠ

ᠳᠠᠪᠤᠨ ᠬᠠᠨᠠᠳᠤ ᠶᠢᠨ ᠬᠠᠶᠠᠭ᠎ᠠ ᠶᠢ ᠰᠢᠭᠤᠵᠤ

ᠳᠠᠢ᠌ᠪᠣᠩ ᠠᠮᠢᠳᠤᠷᠠᠯ ᠳᠤ ᠨᠢᠷᠤᠭᠤ ᠳᠠᠨᠢ᠌ᠨ᠎ᠡ


ᠲ᠋ᠡᠭ᠍ᠷᠢ ᠬᠤᠪᠢᠯᠤᠭᠰᠠᠨ ᠰᠠᠢ᠌ᠬᠠᠨ ᠭᠦᠳᠡᠭᠡ

ᠳᠡᠯᠡᠭᠡᠢ ᠳᠤ ᠬᠤᠪᠣᠷᠬᠠᠨ ᠰᠠᠷᠠᠭᠤᠯ ᠭᠦᠳᠡᠭᠡ

ᠳᠠᠯᠠᠯᠭ᠎ᠠ ᠬᠤᠷᠣᠢ᠌ᠯᠠᠭᠰᠠ ᠭᠠᠩᠭ᠋ᠠᠩ ᠭᠦᠳᠡᠭᠡ

ᠳᠠᠭᠢᠭᠠᠤᠨ ᠳᠦᠷᠦᠭ᠍ᠰᠡᠨ ᠴᠤ ᠨᠤᠳᠤᠭ ᠮᠢᠨᠢ ᠭᠦᠳᠡᠭᠡ᠃


ᠵᠤᠬᠢᠶᠠᠭᠴᠢ ᠶᠢᠨ ᠬᠠ‍‌ᠶᠢᠭ ᠄ ᠪᠠᠷᠠᠭᠤᠨ ᠦᠵᠤᠮᠤᠴᠢᠨ ᠬᠤᠰᠢᠭᠤ

ᠵᠤᠬᠢᠶᠠᠭᠴᠢ᠄ ᠨᠠᠰᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 4928
ᠴᠠᠭ᠄ 2014 ᠤᠨ ᠤ 01 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ