ᠨᠡᠪᠲᠡᠷᠡᠨ ᠤᠷᠤᠬᠤ
ᠬᠤᠶᠠᠷ ᠪᠠᠳᠠᠭ ᠰᠡᠭᠦᠷᠡᠰᠦ

ᠠᠷᠢᠭᠢᠨ ᠰᠢᠷᠡᠭᠡᠨ ᠳᠡᠭᠡᠷ᠎ᠡ

ᠴᠢᠩᠭᠢᠰ ᠬᠠᠭᠠᠨ ᠢ ᠶᠠᠷᠢᠯᠴᠠᠵᠤ

ᠨᠢᠭᠡ ᠰᠢᠷᠡᠭᠡ ᠮᠤᠩᠭ᠋ᠤᠯ ᠭᠦᠮᠤᠨ

ᠶᠡᠭᠡ ᠪᠦᠯᠭᠦᠮᠳᠡᠵᠡᠢ᠃

ᠴᠢᠩᠭᠢᠭᠡᠤᠨ

ᠭᠡᠳᠤᠨ ᠯᠤᠩᠬᠤ ᠬᠠᠷ᠎ᠠ ᠠᠷᠢᠭᠢ

ᠬᠤᠳᠤᠭᠤᠳᠤ ᠣᠷᠤᠭᠤ

ᠰᠢᠪ ᠰᠢᠯᠤᠭᠤᠬᠠᠨ

ᠳᠤᠪᠳᠤᠯᠵᠤ ᠣᠷᠤᠵᠠᠢ᠃

ᠴᠢ ᠮᠤᠩᠭ᠋ᠤᠯ ᠭᠦᠮᠤᠨ ᠪᠢᠰᠢ ᠭᠡᠵᠤ

《ᠣᠳᠤ ᠪᠣᠯᠤᠶ᠎ᠠ》 ᠭᠡᠰᠡᠨ ᠨᠢᠭᠡ ᠪᠠᠨ

ᠨᠢᠭᠡ ᠨᠢ ᠵᠠᠭᠠᠮᠠᠳᠠᠵᠤ ᠠᠪᠴᠢ᠃

《ᠮᠤᠩᠭ᠋ᠤᠯ ᠤᠨ ᠨᠢᠭᠤᠷ ᠢ ᠭᠡᠭᠡᠵᠤ ᠪᠠᠢ᠌ᠨ᠎ᠠ》 ᠭᠡᠵᠤ

ᠨᠥᠭᠦᠭᠡ ᠨᠢ ᠪᠠᠰᠠ ᠳᠡᠭᠦᠨ ᠶᠢᠡᠨ

ᠥᠳᠦᠭᠡᠵᠤ ᠭᠡᠯᠡᠵᠡᠢ᠃

ᠪᠦᠯᠭᠦᠮᠳᠡᠵᠤ ᠪᠠᠢ᠌ᠭᠰᠠᠨ ᠨᠢᠭᠡ ᠰᠢᠷᠡᠭᠡᠨ ᠳ᠋ᠤ

ᠦᠨᠳᠦᠰᠦᠳᠠᠨ ᠤ ᠠᠰᠠᠭᠤᠳᠠᠯ ᠳᠤᠯᠭᠠᠷᠠᠵᠠᠢ᠂

ᠪᠦᠭᠦᠳᠡᠭᠡᠷ ᠪᠣᠰᠴᠤ ᠵᠤᠭᠰᠤᠭᠠᠤᠨ

《ᠪᠢ ᠮᠤᠩᠭ᠋ᠤᠯ ᠭᠦᠮᠤᠨ》 ᠊ᠢ ᠳᠠᠭᠤᠯᠠᠵᠠᠢ᠃

ᠠᠷᠢᠭᠢᠨ ᠳᠤ ᠰᠡᠭᠡᠭᠡ ᠲᠡᠶ ᠨᠢᠭᠡ ᠨᠢ

ᠠᠶᠤᠭᠠᠤᠨ ᠳᠤᠤᠭᠠᠷᠴᠤ ᠴᠢᠳᠠᠭᠰᠠᠨ ᠦᠭᠡᠶ᠂

ᠠᠭᠢᠭᠠᠤᠨ ᠨᠡᠮᠡᠭ᠍ᠰᠡᠨ ᠠᠷᠢᠭᠢ ᠶᠢ ᠨᠢ

ᠳᠠᠭᠢᠭᠠᠤᠨ ᠭᠡᠨ ᠴᠤ ᠮᠡᠳᠡᠭ᠍ᠰᠡᠨ ᠦᠭᠡᠶ ᠁


ᠬᠠᠷᠠᠮᠰᠠᠯ


ᠭᠠᠳᠠ ᠮᠠᠢ᠌ᠷᠠᠨ

ᠮᠠᠨ ᠤ ᠨᠤᠳᠤᠭ ᠤᠨ ᠭᠢ ᠭᠡᠵᠤ

ᠣᠮᠤᠭᠰᠢᠬᠤ ᠭᠦᠮᠤᠨ ᠣᠯᠠᠨ᠂

ᠰᠢᠱᠤ ᠮᠠᠢ᠌ᠷᠠᠨ

ᠮᠠᠨ ᠤ ᠠᠢ᠌ᠯ ᠤᠨ ᠭᠢ ᠭᠡᠵᠤ

ᠣᠢ᠌ᠷᠠᠤᠠᠬᠤ ᠭᠦᠮᠤᠨ ᠴᠤ ᠠᠷᠪᠢᠨ᠃

《ᠭᠠᠳᠠ ᠮᠠᠢ᠌ᠷᠠᠨ》 ᠵᠢᠡᠨ

ᠳᠠᠭᠤᠯᠠᠬᠤ ᠵᠤᠷᠢᠭ ᠦᠭᠡᠶ ᠪᠠᠢ᠌ᠭᠰᠠᠨ ᠶᠢᠡᠨ

ᠴᠢ ᠶᠠᠭ ᠮᠡᠳᠡᠭ᠍ᠰᠡᠨ ᠦᠭᠡᠶ᠂

《ᠰᠢᠱᠤ ᠮᠠᠢ᠌ᠷᠠᠨ》 ᠵᠢᠡᠨ

ᠭᠢᠩᠰᠢᠭᠦ ᠰᠦᠰᠦ ᠦᠭᠡᠶ ᠪᠠᠢ᠌ᠭᠰᠠᠨ ᠶᠢᠡᠨ

ᠳᠠᠷᠠ ᠶᠠᠭ ᠣᠢ᠌ᠯᠭᠠᠭᠰᠠᠨ ᠦᠭᠡᠶ ᠁


1993.9.27


ᠵᠤᠬᠢᠶᠠᠭᠴᠢ᠄ ᠨᠠ᠊·ᠬᠦᠬᠡᠰᠢᠭᠤᠢ
ᠢᠷᠡᠯᠲᠡ᠄ ᠵᠤᠬᠢᠶᠠᠭᠴᠢ ᠡᠴᠡ ᠬᠠᠩᠭᠠᠪᠠ
ᠬᠠᠷᠢᠶ᠎ᠠ᠄ ᠰᠢᠯᠦᠭ
ᠳᠠᠷᠤᠮ᠄ 3391
ᠴᠠᠭ᠄ 2005 ᠤᠨ ᠤ 09 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ