☆ ᠡᠰᠨᠢᠯ
ᠰᠡᠳᠭᠢᠯ ᠡᠮᠳᠡᠷᠡᠮ᠎ᠡ ᠬᠤᠷᠸ᠎ᠠ
ᠥᠩᠭᠡᠷᠡᠵᠤ ᠣᠳᠤᠭᠰᠠᠨ ᠭᠠᠰᠢᠭᠤᠨ ᠠᠮᠢᠳᠤᠷᠠᠯ
ᠦᠣᠷ ᠤᠨ ᠵᠡᠭᠦᠳᠤᠨ ᠳᠤ ᠳᠡᠮᠳᠡᠷᠢᠭ᠍ᠳᠡᠨᠡ
ᠦᠨᠦ ᠮᠠᠷᠭᠠᠰᠢ ᠶᠢᠨ ᠰᠢᠨ᠎ᠡ ᠠᠮᠢᠳᠤᠷᠠᠯ
ᠥᠩᠭᠡ ᠵᠢᠰᠤ ᠪᠠᠷ ᠬᠤᠮᠰᠠᠳᠠᠨᠠ
ᠪᠠᠯᠠᠢ ᠮᠤᠩᠬᠠᠭ ᠳᠠᠯᠠᠢ ᠳᠡᠨᠡᠭ᠌
ᠪᠠᠭ᠎ᠠ ᠨᠠᠰᠤ ᠪᠠᠨ ᠳᠤᠷᠠᠰᠤᠨ᠎ᠠ
ᠪᠠᠬ᠎ᠠ ᠪᠠᠨ ᠬᠠᠠᠳᠠᠯ᠎ᠠ ᠭᠠᠵᠢᠭᠤ ᠰᠦᠷᠦᠭ᠍ᠰᠡᠨ
《ᠪᠠᠯᠠᠮᠠᠤᠨ》 ᠨᠠᠷᠠ ᠳᠤ ᠪᠠᠨ ᠵᠢᠷᠭᠠᠨ᠎ᠠ
ᠡᠨᠡ ᠬᠤᠷᠸ᠎ᠠ ᠳᠤ ᠭᠦᠮᠤᠨ ᠳᠦᠷᠦᠭᠦᠯᠡᠷ
ᠡᠳᠦᠢ ᠭᠦᠷᠳᠡᠯ᠎ᠡ ᠡᠳᠦᠭᠡ ᠭᠦᠷᠳᠡᠯ᠎ᠡ
ᠡᠭᠡᠯ ᠰᠤᠨᠤᠷ ᠭᠦᠷᠳᠡᠭᠡ ᠥᠭᠡᠢ
ᠨᠠᠢ᠌ᠷᠠᠭ ᠭᠡᠭᠦ ᠳ᠋ᠤ
ᠨᠠᠴᠤᠭᠳᠤᠷᠵᠢ᠂ ᠷᠢᠠᠴᠢᠨ᠂ ᠴᠣᠢ᠌ᠨᠤᠮ᠂ ᠰᠢᠷᠠᠪᠵᠠᠮᠰᠤ
ᠨᠠᠳᠠ ᠶᠢ ᠶᠡᠭᠡ ᠨᠥᠯᠦᠭᠡᠯᠡᠭ᠍ᠰᠡᠨ ᠶᠤᠮ
ᠴᠢᠨᠠᠷ ᠭᠡᠭᠦ ᠳ᠋ᠤ
ᠴᠢᠠᠳᠠᠷ ᠶᠢᠡᠨ ᠦᠯᠤ ᠮᠡᠳᠡᠭ᠍ᠳᠡᠭ᠍ᠰᠡᠨ
ᠴᠢᠩᠭᠢᠰ ᠳᠡᠭᠡᠳᠦᠰ ᠶᠢᠡᠨ ᠳᠤᠷᠠᠰᠤᠭᠰᠠᠨ ᠶᠤᠮ
ᠭᠦᠮᠤᠨ ᠤ ᠣᠷᠴᠢᠯᠠᠩ ᠭᠡᠳᠦᠭᠡᠨ ᠣᠯᠠᠷᠢᠯ
ᠭᠦᠰᠡᠵᠤ ᠪᠦᠳᠦᠭᠡᠭᠦ ᠶᠢ ᠪᠣᠳᠤᠳᠠᠭ ᠶᠤᠮ
ᠭᠦᠰᠡᠷᠳᠡᠵᠤ ᠬᠠᠶᠠ ᠵᠤᠪᠠᠨᠢᠬᠤ ᠳᠤ ᠪᠠᠨ
ᠭᠦᠡᠳᠦᠭᠡᠨ ᠥᠭᠡ ᠪᠠᠷ ᠶᠠᠷᠢᠳᠠᠭ ᠶᠤᠮ
ᠦᠪᠡᠷ ᠪᠠᠶ᠎ᠠ ᠬᠤᠷᠯᠢᠵᠠ ᠪᠢᠯᠢᠤ
ᠦᠷ᠎ᠡ ᠶᠢᠨ ᠮᠢᠨᠢ ᠦᠷ᠎ᠡ ᠡᠷᠯᠢᠵᠡ ᠪᠢᠯᠢᠤ
ᠣᠯᠠᠭᠠᠨ ᠵᠢᠷᠦᠭᠡ ᠪᠠᠷ ᠵᠢᠳᠭᠦᠵᠤ ᠯᠠ ᠪᠠᠢ᠌ᠪᠠᠯ
ᠣᠵᠤᠭᠤᠷ ᠳᠡᠦᠭᠡᠨ ᠳᠤ ᠪᠠᠨ ᠣᠰᠤᠯᠳᠠᠬᠤ ᠦᠭᠡᠶ ᠪᠠᠢ᠌ᠯᠭᠦᠢ
ᠳᠡᠭᠡᠳᠤ ᠳᠡᠭ᠍ᠷᠢ ᠶᠢᠨ ᠮᠢᠨᠢ ᠵᠠᠶᠠᠭᠠᠳᠤ ᠨᠠᠰᠤᠨ ᠤ ᠬᠤᠳᠤᠭ
ᠳᠡᠷᠭᠡᠳᠡᠭᠢ ᠨᠥᠭᠦᠤᠨ ᠤᠨ ᠮᠢᠨᠢ ᠬᠤᠪᠢᠳᠤ ᠵᠢᠷᠭᠠᠯ ᠤᠨ ᠬᠤᠳᠤᠭ
ᠳᠠᠷᠠ ᠨᠢᠭᠡᠳᠡᠢ ᠠᠮᠠᠷᠠᠭ ᠤᠨ ᠮᠢᠨᠢ ᠵᠠᠶᠠᠭᠠᠨ ᠤ ᠬᠤᠳᠤᠭ
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠲᠦᠰᠢᠶᠠᠳᠤ
ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 11526
ᠴᠠᠭ᠄ 2013 ᠤᠨ ᠤ 05 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ