ᠨᠡᠪᠲᠡᠷᠡᠨ ᠤᠷᠤᠬᠤ
ᠬᠠᠤᠯᠢ ᠪᠠ ᠭᠦᠮᠤᠨ ᠴᠢᠨᠠᠷ

ᠮᠠᠯ ᠨᠢ ᠬᠠᠭᠤᠷᠠᠢ ᠰᠢᠰᠢᠨ ᠮᠤᠳᠤ ᠭᠡᠮᠡᠯᠢᠭᠡᠳ ᠭᠦᠮᠤᠨ ᠨᠢ ᠭᠢᠮᠢ ᠶᠢᠨ ᠪᠣᠷᠳᠤᠭᠤᠷ ᠢᠳᠠᠵᠤ ᠪᠠᠢ᠌ᠭ᠎ᠠ ᠴᠠᠭ ᠬᠣᠢ᠌ᠨ᠎ᠠ᠂ ᠳᠤᠭ᠎ᠠ ᠲᠡᠶ ᠭᠡᠳᠤᠨ ᠮᠠᠯ ᠶᠢᠡᠨ ᠬᠠᠰᠢᠶᠠᠯᠠᠭᠠᠤᠨ ᠳᠦᠭᠡ ᠴᠤ ᠭᠦᠷᠭᠦ ᠦᠭᠡᠶ ᠭᠦᠭᠡ ᠡᠪᠠᠰᠤ ᠣᠷᠭᠤᠭᠰᠠᠨ ᠪᠠᠯᠴᠢᠭᠡᠷ ᠶᠢᠡᠨ ᠡᠳᠦᠷ ᠤᠨ ᠭᠡᠳᠤ ᠡᠷᠭᠢᠵᠤ ᠥᠵᠡᠭᠡᠳ᠂ ᠰᠦᠨᠢ ᠨᠢ ᠮᠤᠷᠢ ᠲᠡᠶ ᠭᠦᠮᠤᠨ ᠤ ᠳᠤᠯᠤᠭᠠᠢ ᠳᠠᠯᠳᠠᠷᠠᠮ᠎ᠠ ᠬᠠᠯᠢᠭᠤᠷᠠᠨ ᠨᠠᠢ᠌ᠭᠤᠭᠰᠠᠨ ᠨᠤᠭᠤᠭᠠᠨ ᠳᠠᠯ᠎ᠠ ᠪᠠᠨ ᠵᠡᠭᠦᠳᠦᠯᠡᠵᠤ᠂ ᠨᠢᠭᠤᠷ ᠳᠦᠭᠦᠷᠡᠩ ᠢᠨᠢᠶᠠᠳᠤ ᠲᠡᠶ ᠴᠤ ᠨᠢᠳᠤᠨ ᠳᠤ ᠪᠠᠨ ᠨᠢᠯᠪᠣᠰᠤ ᠲᠡᠶ ᠰᠡᠷᠢᠳᠡᠭ᠌ ᠭᠦᠮᠦᠰ ᠤᠨ ᠨᠢᠭᠡ ᠨᠢ ᠳ᠋ᠠᠮᠪᠠ ᠭᠤᠸᠠᠢ ᠪᠠᠢ᠌ᠪᠠ᠃ ᠳᠠᠮᠤᠷ ᠳᠤᠤᠷ ᠲᠤ ᠨᠢ ᠵᠤᠯᠭᠠᠭᠳᠠᠭᠰᠠᠨ ᠪᠦᠭᠡᠮ ᠪᠦᠭᠡᠮ ᠣᠩᠭ᠋ᠠᠰᠤᠨ ᠪᠦᠮᠪᠦᠭᠡ ᠤᠳ ᠢ ᠣᠮᠪᠣᠯᠤ ᠶᠢᠨ ᠶᠢᠡᠨ ᠨᠠᠭᠠᠳᠳᠠᠭ ᠰᠢᠯᠢᠨ ᠪᠦᠮᠪᠦᠭᠡ ᠮᠠᠳᠤ ᠨᠠᠠᠳᠢᠩᠨᠠᠨ ᠡᠪᠦᠷᠳᠦᠯᠡᠭᠡᠳ ᠰᠡᠭᠦᠷᠡᠰᠤ ᠠᠯᠳᠠᠨ᠂ ᠬᠠᠤᠯᠢ ᠶᠤᠰᠤᠨ ᠤ ᠬᠠᠳᠠᠭᠤ ᠳᠤ ᠪᠠᠯᠴᠢᠭᠡᠷ ᠲᠤ ᠪᠠᠨ ᠭᠠᠷᠬᠤ ᠡᠷᠭᠡ ᠪᠠᠨ ᠬᠠᠰᠤᠭᠤᠯᠵᠤ ᠳᠠᠷ ᠮᠠᠭᠤᠳᠠᠢ᠌ᠬᠠᠨ ᠠᠯᠬᠤᠯᠠᠵᠤ ᠳᠤᠷ᠎ᠠ ᠮᠠᠭᠤᠳᠠᠢ᠌ᠬᠠᠨ ᠭᠡᠪᠳᠡᠭ᠍ᠰᠡᠨ ᠥᠭᠡᠷ ᠤᠳ ᠤᠨ ᠶᠢᠡᠨ ᠵᠠᠬ᠎ᠠ ᠳᠤ ᠬᠠᠰᠢᠶᠠᠨ ᠤ ᠪᠠᠨ ᠮᠤᠳᠤᠨ ᠪᠣᠯᠠᠭ᠎ᠠ ᠶᠢ ᠲᠦᠰᠢᠨ ᠳᠠᠮᠠᠭᠢ ᠪᠠᠭᠠᠭᠢᠭᠤᠯᠤᠨ ᠰᠠᠭᠤᠨ᠎ᠠ᠃ ᠠᠭᠤᠯᠠ ᠶᠢᠨ ᠠᠷᠤ ᠡᠴᠠ ᠣᠭᠠᠯᠵᠠᠯᠠᠨ ᠣᠷᠤᠰᠳᠠᠭ ᠠᠮᠢᠨ ᠭᠤᠤᠯ ᠤᠨ ᠣᠷᠤᠰᠬᠠᠯ ᠤᠨ ᠣᠷᠤᠨ ᠳᠤ ᠭᠦᠮᠤᠨ᠂ ᠮᠤᠲ᠋ᠤᠷ ᠴᠤᠪᠣᠭᠰᠠᠭᠠᠷ ᠪᠠᠢ᠌ᠵᠤ ᠬᠠᠯᠴᠠᠭᠠᠢ᠌ᠷᠠᠵᠤ ᠵᠤᠷᠠᠢ᠌ᠭᠰᠠᠨ ᠵᠠᠮ ᠭᠠᠷᠴᠢᠬᠠᠭᠰᠠᠨ ᠢ ᠰᠠ‍‌ᠶᠢ ᠯᠠ ᠥᠵᠡᠭᠡ ᠰᠢᠭ᠌ ᠣᠳᠠᠳᠠᠯ᠎ᠠ ᠬᠠᠷᠠᠨ᠎ᠠ᠃

ᠬᠠᠰᠢᠶᠠᠨ ᠳ᠋ᠠᠭᠢ ᠥᠭᠡᠷ ᠤᠳ ᠶᠠᠭᠤ ᠨᠢᠭᠡᠨ ᠡᠴᠠ ᠦᠷᠭᠦᠭ᠍ᠰᠡᠨ ᠰᠢᠭ᠌ ᠨᠢᠭᠡᠯᠡ ᠵᠥᠭ᠌ ᠲᠤ ᠪᠦᠭᠡᠮᠨᠡᠷᠡᠭᠦ ᠳᠤ ᠳ᠋ᠠᠮᠪᠠ ᠭᠤᠸᠠᠢ ᠳᠤᠳᠤᠷ᠎ᠠ ᠪᠠᠨ ᠪᠠᠰᠠᠯᠠ ᠦᠨᠦ ᠰᠢᠯᠢᠨ ᠣᠭᠤᠳᠠ ᠨᠢ ᠭᠡᠢ᠌ᠰᠴᠤ ᠢᠷᠡᠭᠡᠳ ᠵᠥᠭᠡᠷ ᠪᠠᠢ᠌ᠭᠰᠠᠨ ᠥᠭᠡᠷ ᠢ ᠰᠤᠴᠢᠭᠠᠵᠤ ᠪᠠᠢ᠌ᠯᠭᠦᠢ ᠭᠡᠵᠤ ᠪᠣᠳᠤᠨ ᠡᠷᠭᠢᠵᠤ ᠬᠠᠷᠠᠪᠠᠯ ᠬᠠᠰᠶᠠᠨ ᠤ ᠬᠠᠵᠠᠭᠤ ᠳᠤ ᠨᠢᠭᠡ ᠪᠣᠭᠤ ᠢᠷᠡᠴᠢᠭᠡᠭᠡᠳ ᠡᠪᠦᠳᠦᠭ᠌ ᠶᠢᠡᠷ ᠶᠢᠡᠨ ᠨᠤᠭᠤᠷᠠᠨ ᠰᠥᠭᠦᠳᠦᠭ᠍ᠰᠡᠨ ᠪᠠᠢ᠌ᠪᠠ᠃ ᠳ᠋ᠠᠮᠪᠠ ᠭᠤᠸᠠᠢ ᠶᠢ ᠣᠴᠢᠬᠤ ᠳᠤ ᠳᠤᠳᠠᠭᠠᠯ ᠦᠭᠡᠶ ᠳᠠᠮᠠᠢ᠌ᠯᠠ ᠪᠤᠯᠳᠠᠩᠨᠡᠨ ᠣᠷᠤᠨ ᠳᠤ ᠪᠠᠨ ᠰᠥᠭᠦᠳᠦᠭ᠍ᠰᠡᠨ ᠶᠢᠡᠷ ᠶᠢᠡᠨ᠃ ᠳᠠᠪᠠᠷᠢᠵᠤ ᠠᠪᠣᠭᠠᠤᠨ ᠴᠢᠰᠤ ᠳᠠᠭᠠᠪᠣᠷᠢᠯᠠᠭᠰᠠᠨ ᠡᠪᠦᠳᠦᠭ᠌ ᠢ ᠨᠢ ᠬᠠᠠᠴᠤᠢ ᠪᠠᠷ ᠶᠢᠠᠨ ᠵᠥᠯᠭᠦᠭᠦ ᠳᠤ ᠠᠯᠠᠭ᠎ᠠ ᠳᠠᠷᠤᠮ᠎ᠠ ᠭᠢᠷᠢᠳᠠᠢ ᠰᠢᠯᠪᠣᠷᠠᠵᠤ ᠳᠤᠭᠤᠷᠢᠭᠠᠤᠨ ᠭᠦᠯᠡᠢ᠌ᠳᠡᠯ᠎ᠡ ᠬᠠᠪᠣᠳᠤᠭᠰᠠᠨ ᠪᠠᠢ᠌ᠯ᠎ᠠ᠃ ᠳ᠋ᠠᠮᠪᠠ ᠭᠤᠸᠠᠢ ᠳᠤᠳᠤᠷ ᠬᠠᠠᠳᠠᠭᠠᠵᠠ ᠶᠢᠨ ᠶᠢᠡᠨ ᠬᠤᠷᠮᠤᠢ ᠡᠴᠠ ᠣᠷᠠᠵᠤ ᠠᠪᠣᠭᠠᠤᠨ ᠰᠢᠷᠬ᠎ᠠ ᠶᠢ ᠨᠢ ᠪᠣᠭᠤᠬᠤ ᠳᠤ ᠭᠦᠭᠡᠷᠦᠭᠦᠢ ᠪᠣᠭᠤ ᠰᠥᠢᠯᠡᠭᠯᠡᠭᠦ ᠨᠢ ᠨᠠᠮᠳᠠᠵᠤ ᠵᠢᠷᠦᠭᠡ ᠨᠢ ᠳᠦᠭ᠌ ᠳᠦᠭ᠌ ᠭᠢᠨ ᠳᠦᠷᠭᠡᠨ ᠴᠤᠭᠢᠯᠠᠬᠤ ᠨᠢ ᠢᠯᠡᠭᠡᠨ ᠰᠤᠨᠤᠰᠳᠠᠨ᠎ᠠ᠂ ᠶᠠᠭᠤ ᠨᠢᠭᠡᠨ ᠡᠴᠠ ᠠᠶᠤᠵᠤ ᠳᠤᠳᠠᠭᠠᠭᠰᠠᠨ ᠡᠴᠠ ᠰᠢᠷᠬᠠᠳᠤᠭᠰᠠᠨ ᠪᠣᠯᠤᠯᠳᠠᠢ᠃ ᠳᠠᠷᠠ ᠵᠠᠯᠠᠭᠤ ᠳᠤ ᠪᠠᠨ ᠠᠭᠤᠯᠠᠨ ᠳᠤ ᠨᠢᠭᠡᠯᠡ ᠣᠳᠠᠭ᠎ᠠ ᠪᠣᠭᠤ ᠣᠯᠵᠤ ᠬᠠᠷᠠᠭᠰᠠᠨ ᠡᠴᠠ ᠳᠠᠭᠢᠵᠤ ᠣᠯᠵᠤ ᠥᠵᠡᠭᠡ ᠦᠭᠡᠶ᠂ ᠡᠢ᠌ᠮᠤ ᠭᠦᠭᠡᠷᠦᠭᠦᠨ ᠠᠮᠢᠳᠠᠨ ᠪᠠᠰᠠ ᠨᠤᠳᠤᠭ ᠲᠤ ᠮᠢᠨᠢ ᠣᠰᠠᠳᠤᠭ᠎ᠠ ᠦᠭᠡᠶ ᠪᠠᠷ ᠶᠢᠡᠨ ᠪᠠᠢ᠌ᠵᠤ ᠦᠦ ᠭᠡᠵᠤ ᠢᠳᠡᠭᠡᠵᠤ ᠶᠠᠳᠠᠭᠰᠠᠨ ᠶᠢᠡᠨ ᠰᠠᠶ‍ᠢᠭᠢ ᠪᠣᠭᠤ ᠪᠠᠨ ᠡᠯᠢᠭᠡᠨ ᠳᠤ ᠪᠠᠨ ᠳᠠᠪᠠᠷᠢᠨ ᠭᠡᠷ ᠲᠤ ᠪᠠᠨ ᠣᠷᠤᠯ᠎ᠠ᠃

᠊᠊᠊᠊᠊᠊᠊᠊᠊᠊᠊᠊᠊᠊᠊ ᠳ᠋ᠠᠮᠪᠠ ᠡᠪᠦᠭᠡᠨ ᠪᠣᠭᠤ ᠠᠪᠠᠯᠠᠵᠤ ᠠᠪᠴᠢᠷᠠᠭᠰᠠᠨ ᠭᠡᠨ᠎ᠡ ᠰᠢᠤ ︕

᠊᠊᠊᠊᠊᠊᠊᠊᠊᠊᠊᠊᠊᠊᠊ ᠳᠡᠭᠡᠭᠡᠳ ᠪᠣᠭᠤ ᠠᠯᠠᠴᠢᠬᠠᠭᠰᠠᠨ ᠶᠤᠮ ᠦᠦ ︖

᠊᠊᠊᠊᠊᠊᠊᠊᠊᠊᠊᠊᠊᠊᠊ ᠬᠤᠷᠤᠭᠠᠨ ᠳᠤ ᠨᠢ ᠪᠠᠢ᠌ᠨ᠎ᠠ ᠭᠡᠨ᠎ᠡ ᠁

ᠦᠪᠡᠷ ᠢ ᠨᠢ ᠪᠣᠭᠤ ᠠᠪᠠᠯᠠᠵᠠᠢ ᠡᠨᠡ ᠳᠠᠷᠠ ᠭᠡᠰᠡᠨ ᠠᠢ᠌ᠯ ᠤᠨ ᠣᠯᠠᠨ ᠤ ᠭᠡᠯᠡᠯᠴᠡᠭᠡᠨ ᠴᠠᠭ ᠤᠨ ᠰᠤᠨᠢᠨ᠂ ᠴᠠᠢ ᠶᠢᠨ ᠵᠤᠭᠤᠭ ᠪᠣᠯᠵᠤ ᠪᠠᠢ᠌ᠬᠤ ᠳᠤ ᠳ᠋ᠠᠮᠪᠠ ᠭᠤᠸᠠᠢ᠂ ᠳᠠᠪᠣᠰᠤ ᠢᠳᠡᠭ᠍ᠰᠡᠨ ᠠᠮᠠ ᠶᠠᠭᠤ ᠭᠡᠯᠡᠭᠦ ᠦᠭᠡᠶ ᠪᠣᠢ᠂ ᠳᠠᠭᠢᠭᠠᠤᠨ ᠭᠡᠯᠡᠪᠠᠯ ᠠᠢ᠌ᠯ ᠠᠢ᠌ᠮᠠᠭ ᠬᠤᠭᠤᠷᠤᠠᠳᠤ ᠪᠠᠨ ᠭᠡᠨ ᠥᠭᠡ ᠭᠦᠭᠡᠭᠡᠭᠦ ᠪᠣᠢ ᠭᠡᠵᠤ ᠬᠠᠷ᠎ᠠ ᠰᠠᠨᠠᠭᠰᠠᠨ ᠦᠭᠡᠶ᠃ ᠨᠢᠭᠡ ᠭᠠᠷᠠᠭ ᠥᠩᠭᠡᠷᠡᠵᠤ ᠪᠣᠭᠤ ᠶᠢᠨ ᠰᠢᠷᠬ᠎ᠠ ᠢᠯᠠᠷᠠᠰᠢᠮᠠᠷ ᠪᠣᠯᠬᠤ ᠳᠤ ᠪᠣᠭᠤᠯᠳᠠ ᠭᠡᠷᠡᠭ᠌ ᠦᠭᠡᠶ ᠪᠣᠯᠤᠭᠠᠤᠨ ᠦᠰᠦᠷᠴᠤ ᠬᠠᠷᠠᠢ᠌ᠬᠤ ᠲᠡᠶ ᠪᠣᠯᠵᠠᠢ᠃ ᠡᠨᠡ ᠠᠮᠢᠳᠠᠨ ᠢ ᠴᠢᠨᠢ ᠴᠤᠬᠤᠮ ᠬᠠᠮᠢᠭ᠎ᠠ ᠠᠪᠠᠴᠢᠴᠤ ᠶᠠᠭᠠᠭᠢᠵᠤ ᠠᠮᠢᠳᠤᠷᠠᠭᠤᠯᠳᠠᠭ ᠪᠢᠯᠠ ᠭᠡᠵᠤ ᠰᠠᠨᠠᠭ᠎ᠠ ᠪᠣᠯᠳᠠᠯ᠎ᠠ ᠨᠢᠭᠡᠨ ᠨᠠᠷᠠᠯᠠᠭ ᠡᠳᠦᠷ ᠡᠭᠦᠳᠡᠨ ᠳᠤ ᠨᠢ ᠵᠢᠵᠢᠭ᠌ ᠴᠠᠭᠠᠨ ᠮᠠᠰᠢᠨ ᠳᠠᠪᠭᠢᠨ ᠢᠷᠠᠵᠤ ᠵᠤᠭᠰᠤᠯ᠎ᠠ᠃

᠊᠊᠊᠊᠊᠊᠊᠊᠊᠊᠊᠊᠊᠊᠊ ᠭᠡᠭᠡᠷ᠎ᠡ ᠶᠢᠨ ᠠᠮᠢᠳᠠᠨ ᠢ ᠳᠤᠷ᠎ᠠ ᠪᠠᠷ ᠠᠪᠠᠯᠠᠵᠤ ᠪᠣᠯᠬᠤ ᠦᠭᠡᠶ ᠰᠢᠤ︕ ᠴᠠᠭᠠᠵᠠ ᠲᠡᠶ ᠶᠢ ᠮᠡᠳᠡᠭᠦ ᠦᠭᠡᠶ ᠦᠦ︖

ᠳᠡᠷᠭᠡᠨ ᠡᠴᠠ ᠪᠠᠭᠤᠭᠰᠠᠨ ᠠᠯᠪᠠᠨ ᠤ ᠬᠤᠪᠴᠠᠰᠤ ᠲᠡᠶ ᠬᠤᠶᠠᠷ ᠭᠦᠮᠤᠨ ᠰᠠᠢ᠌ᠨ ᠦᠦ ᠮᠠᠠᠳᠤ ᠦᠦ ᠴᠤ ᠦᠭᠡᠶ ᠰᠢᠭᠤᠳ ᠭᠡᠷᠡᠭ᠌ ᠳᠤᠯᠭᠠᠴᠢᠬᠠᠪᠠ᠃

᠊᠊᠊᠊᠊᠊᠊᠊᠊᠊᠊᠊᠊᠊᠊ ᠦᠭᠡᠶ᠂ ᠡᠨᠡ ᠁ ᠰᠢᠷᠬ᠎ᠠ ᠨᠢ ᠡᠳᠡᠭᠡᠭᠡ ᠦᠭᠡᠶ ᠁ ᠪᠢ ᠁

᠊᠊᠊᠊᠊᠊᠊᠊᠊᠊᠊᠊᠊᠊᠊ ᠶᠠᠭᠤ ᠭᠡᠨ᠎ᠡ︖ ᠪᠠᠰᠠ ᠰᠢᠷᠬᠠᠳᠤᠭᠤᠯᠤᠭᠰᠠᠨ ᠭᠡᠨ᠎ᠡ ᠦᠦ︖ ᠨᠠᠩ ᠭᠦᠡᠳᠤ ᠶᠠᠯ᠎ᠠ ᠲᠡᠶ ᠰᠢᠤ︕

᠊᠊᠊᠊᠊᠊᠊᠊᠊᠊᠊᠊᠊᠊᠊ ᠪᠢ ᠰᠢᠷᠬᠠᠳᠤᠭᠤᠯᠤᠭᠰᠠᠨ ᠪᠢᠰᠢ᠂ ᠪᠢ ᠠᠪᠣᠷᠠᠵᠤ ᠠᠪᠣᠭᠰᠠᠨ ᠁

᠊᠊᠊᠊᠊᠊᠊᠊᠊᠊᠊᠊᠊᠊᠊ ᠪᠢᠳᠡᠭᠡᠢ ᠬᠤᠳᠠᠯ ᠭᠡᠯᠡ ︕ ᠪᠣᠭᠤ ᠶᠠᠭᠠᠭᠢᠵᠤ ᠦᠪᠡᠷ ᠶᠢᠠᠨ ᠡ᠊ᠨᠳᠡ ᠢᠷᠡᠳᠡᠭ᠌ ᠶᠤᠮ ︖ ᠪᠦᠷ ᠴᠠᠭᠠᠵᠠ ᠲᠡᠶ ᠣᠷᠤᠨ ᠪᠣᠯᠭᠠᠭᠠᠤᠨ ᠳᠤᠤᠷᠯᠠᠵᠤ ᠬᠠᠰᠢᠴᠢᠬᠠᠭᠰᠠᠨ ᠪᠠᠢ᠌ᠬᠤ ᠳᠤ᠁

᠊᠊᠊᠊᠊᠊᠊᠊᠊᠊᠊᠊᠊᠊᠊ ᠥᠨᠡᠭᠡᠷ ᠢᠷᠡᠴᠢᠭᠡᠭ᠍ᠰᠡᠨ ᠶᠤᠮ ᠴᠢᠨᠢ ᠁ ᠮᠠᠭᠤ ᠢᠷᠸ᠎ᠠ ᠳ᠋ᠠ᠂ ᠭᠡᠦᠭᠡ ᠡ᠂ ᠡᠢ᠌ᠮᠤ ᠭᠦᠭᠡᠷᠦᠭᠦᠢ ᠠᠮᠢᠳᠠᠨ ᠢ ᠴᠢᠨᠢ ᠬᠠᠷᠠᠵᠤ ᠪᠠᠢ᠌ᠭᠠᠤᠨ ᠬᠠᠮᠢᠶᠠᠷᠬᠤ ᠦᠭᠡᠶ ᠶᠠᠭᠠᠭᠢᠨ᠎ᠠ ᠳ᠋ᠠ︖ ᠳᠠᠷᠠ ᠡᠳᠦᠷ ᠁

᠊᠊᠊᠊᠊᠊᠊᠊᠊᠊᠊᠊᠊᠊᠊ ᠳᠠ ᠮᠡᠯᠵᠢᠭᠦ ᠭᠡᠷᠡᠭ᠌ ᠦᠭᠡᠶ᠂ ᠪᠣᠭᠤ ᠠᠪᠠᠯᠭᠰᠠᠨ ᠢ ᠴᠢᠨᠢ ᠥᠵᠡᠭ᠍ᠰᠡᠨ ᠭᠦᠮᠤᠨ ᠪᠠᠢ᠌ᠨ᠎ᠠ ᠭᠡᠵᠤ ᠳᠠᠨ ᠢ ᠵᠠᠭᠠᠯᠳᠤᠵᠠᠢ︕

᠊᠊᠊᠊᠊᠊᠊᠊᠊᠊᠊᠊᠊᠊᠊ ᠵᠠᠭᠠᠯᠳᠤᠵᠠᠢ ︖ ᠡᠨᠡ ᠴᠢᠨᠢ ᠶᠠᠭᠤ ᠪᠣᠯᠵᠤ ᠪᠣᠢ ︖ ᠣᠴᠢᠷ ᠶᠠᠪᠣᠳᠠᠯ ᠡᠢ᠌ᠮᠤ ᠪᠣᠯᠤᠨ᠎ᠠ ᠭᠡᠵᠤ ᠳ᠋ᠠᠮᠪᠠ ᠭᠤᠸᠠᠢ ᠠᠷᠪᠠᠨ ᠵᠡᠭᠦᠳᠤᠨ ᠳᠤ ᠨᠢ ᠪᠠᠢ᠌ᠭᠰᠠᠨ ᠦᠭᠡᠶ᠂ ᠣᠳᠤ ᠶᠤᠰᠤ ᠪᠠᠢ᠌ᠭᠠᠤᠨ ᠭᠡᠯᠡᠭᠦ ᠭᠠᠵᠠᠷ ᠦᠭᠡᠶ ᠪᠣᠯᠤᠯ᠎ᠠ᠃

᠊᠊᠊᠊᠊᠊᠊᠊᠊᠊᠊᠊᠊᠊᠊ ᠪᠣᠯᠵᠠᠢ᠃ ᠳᠠ ᠮᠠᠨ ᠢ ᠳᠠᠭᠠᠭᠠᠤᠨ ᠶᠠᠪᠣ︕

᠊᠊᠊᠊᠊᠊᠊᠊᠊᠊᠊᠊᠊᠊᠊ ᠬᠠᠮᠢᠭ᠎ᠠ ︖ ᠳ᠋ᠠᠮᠪᠠ ᠭᠤᠸᠠᠢ ᠰᠤᠴᠢᠵᠤ ᠪᠦᠷ ᠭᠠᠢ᠌ᠬᠠᠰᠢ ᠠᠯᠳᠠᠪᠠ᠃ ᠳᠠᠠᠳᠠ ᠨᠢ ᠣᠴᠢᠵᠤ ᠦᠨᠡᠨ ᠴᠠᠭᠠᠨ ᠶᠢᠡᠨ ᠣᠯᠳᠠᠭ ᠪᠠᠢ᠌ᠵᠤ ᠦᠦ ︖ ᠶᠠᠭᠠᠭᠢᠳᠠᠭ ᠦᠦ ︖ ᠢᠨᠢᠶᠠᠳᠤ ᠨᠢ ᠴᠤ ᠭᠦᠷᠤᠨ᠎ᠡ᠂ ᠠᠭᠤᠷ ᠨᠢ ᠴᠤ ᠭᠦᠷᠤᠨ᠎ᠡ᠃ ᠬᠠᠶᠠ ᠨᠢᠭᠡ ᠭᠦᠤ ᠶᠢᠨ ᠶᠢᠡᠨ ᠮᠤᠲ᠋ᠤᠷ ᠲᠤ ᠰᠤᠠᠳᠠᠯᠠᠵᠤ ᠬᠤᠳᠠ ᠣᠷᠤᠳᠠᠭ ᠴᠤ ᠡᠢ᠌ᠮᠤ ᠰᠠᠢ᠌ᠬᠠᠨ ᠳᠡᠷᠭᠡᠨ ᠳᠤ ᠣᠯᠵᠤ ᠰᠠᠭᠤᠬᠤ ᠶᠢ ᠪᠠᠢ᠌ᠳᠤᠭᠠᠢ ᠬᠠᠵᠠᠭᠤ ᠳᠤ ᠨᠢ ᠴᠤ ᠣᠴᠢᠵᠤ ᠥᠵᠡᠭᠡ ᠦᠭᠡᠶ᠂ ᠣᠳᠤ ᠠᠷᠤ ᠶᠢᠨ ᠰᠠᠭᠤᠳᠠᠯ ᠳᠤ ᠨᠢ ᠪᠣᠭᠤ ᠪᠠᠨ ᠳᠡᠪᠠᠷᠢᠴᠢᠭᠡᠭ᠍ᠰᠡᠨ 《ᠯᠠᠷᠵᠠ ᠳᠠᠢ》 ᠮᠠᠳᠠᠢ᠌ᠵᠤ ᠶᠠᠪᠣᠨ᠎ᠠ᠃

᠊᠊᠊᠊᠊᠊᠊᠊᠊᠊᠊᠊᠊᠊᠊ ᠬᠠᠤᠯᠢ ᠶᠢ ᠵᠦᠷᠢᠴᠢᠴᠢᠭᠡᠯ᠎ᠡ ᠭᠡᠨ᠎ᠡ︖ ᠳ᠋ᠠᠮᠪᠠ ᠭᠤᠸᠠᠢ ᠨᠢᠭᠡ ᠨᠠᠰᠤ ᠪᠠᠷ ᠶᠢᠡᠨ ᠬᠤᠪᠢ ᠪᠠᠨ ᠭᠦᠭᠡᠭᠡᠵᠤ ᠮᠠᠯ ᠶᠢᠡᠨ ᠬᠠᠷᠢᠭᠤᠯᠤᠭᠠᠤᠨ ᠦᠨᠡᠨ ᠶᠢᠡᠷ ᠶᠢᠡᠨ ᠶᠠᠪᠣᠭᠰᠠᠨ ᠭᠦᠮᠤᠨ᠂ ᠶᠠᠮᠠᠷ ᠬᠠᠤᠯᠢ ᠶᠢ ᠨᠢ ᠵᠦᠷᠢᠴᠡᠴᠢᠭᠡᠭ᠍ᠰᠡᠨ ᠪᠣᠢ ︖ ᠭᠡᠵᠤ ᠨᠠᠰᠤᠳᠠᠢ᠌ᠴᠤᠳ ᠶᠠᠷᠢᠯᠴᠠᠨ᠎ᠠ᠃

ᠳᠠᠢ᠌ᠮᠤ ᠡ᠂ ᠴᠤᠬᠤᠮ ᠶᠠᠮᠠᠷ ᠬᠠᠤᠯᠢ ᠶᠢ ᠨᠢ ᠵᠦᠷᠢᠴᠡᠴᠢᠭᠡᠭ᠍ᠰᠡᠨ ᠪᠣᠢ︖


2004.3.31 ᠳᠤ ᠪᠢᠴᠢᠵᠤ 2010.8.7 ᠳᠤ ᠵᠠᠰᠠᠪᠠ᠃


ᠵᠤᠬᠢᠶᠠᠭᠴᠢ ᠶᠢᠨ ᠬᠠᠶ‍ᠢᠭ᠄ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰ·ᠮᠥᠡᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 9210
ᠴᠠᠭ᠄ 2010 ᠤᠨ ᠤ 08 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ