☆ ᠪᠣᠷᠵᠢᠭᠢᠨ ᠨᠠᠴᠢᠨ
ᠴᠢᠨ᠋ᠸ᠎ᠠ ᠶᠢᠨ ᠰᠦᠰᠦᠳᠠᠨ
ᠠᠯᠠᠭ ᠬᠤᠷᠸ᠎ᠠ ᠶᠢᠨ ᠳᠡᠦᠭᠡᠨ ᠣᠷᠤᠰᠬᠠᠯ ᠳ᠋ᠤ
ᠵᠢᠷᠦᠭᠡᠳᠡᠨ ᠢ ᠴᠡᠴᠡᠷᠡᠭᠦᠯᠵᠤ᠂ ᠤᠯᠡᠢ᠌ᠷᠡᠨ ᠳᠠᠭᠠᠷᠢᠳᠠᠭ
ᠪᠣᠵᠠᠷ ᠰᠦᠰᠦᠳᠠᠢ᠂ ᠪᠣᠵᠠᠭᠠᠢ ᠵᠢᠷᠤᠮ ᠳᠠᠢ
ᠠᠷᠢᠶᠠᠳᠠᠨ ᠭᠡᠵᠤ ᠴᠢᠨ᠋ᠸ᠎ᠠ ᠡᠴᠡ ᠥᠭᠡᠷ᠎ᠡ ᠦᠭᠡᠶ᠂
ᠴᠢᠨ᠋ᠸ᠎ᠠ᠂ ᠦᠯᠪᠠᠷᠠᠵᠤ ᠥᠭᠦᠭᠦ ᠳ᠋ᠡᠭᠡᠨ
ᠪᠣᠰᠤᠳ ᠤᠨ ᠠᠮᠠ ᠶᠢ ᠬᠠᠷᠠᠵᠤ ᠥᠵᠡᠭᠡ ᠥᠭᠡᠢ
ᠠᠮᠢᠳᠤ ᠶᠢᠨ ᠶᠤᠰᠤ᠂
ᠴᠢᠨ᠋ᠸ᠎ᠠ᠂ ᠭᠠᠵᠠᠷ ᠤᠨ ᠬᠠᠪᠬᠠᠨ ᠳᠤ ᠣᠨᠠᠭᠳᠠᠬᠤ ᠳ᠋ᠠᠭᠠᠨ
ᠭᠠᠷ ᠶᠢᠡᠨ ᠵᠠᠵᠠᠯᠵᠤ ᠠᠮᠢ ᠵᠥᠯᠪᠠᠳᠡᠭ᠌
ᠬᠠᠳᠠᠭᠤ ᠵᠤᠷᠢᠭ᠂
ᠴᠢᠨ᠋ᠸ᠎ᠠ᠂ ᠬᠠᠠᠳᠤᠭᠰᠠᠨ ᠵᠥᠭ᠌ ᠳᠡᠭᠡᠨ ᠣᠮᠤᠭ ᠶᠢᠡᠷ ᠳᠦᠷᠢᠵᠤ
ᠬᠠᠮᠤᠭ ᠠᠮᠢᠳᠠᠨ ᠤ ᠵᠢᠷᠦᠭᠡ ᠳᠦᠭ᠍ᠰᠢᠭᠦᠯᠤᠨ ᠬᠣᠢ᠌ᠬ᠎ᠠ ᠪᠣᠰᠬᠠᠳᠠᠭ
ᠠᠢ᠌ᠳᠠᠰ ᠭᠦᠴᠤᠨ᠃
ᠴᠢᠨ᠋ᠸ᠎ᠠ᠂ ᠠᠯᠠᠭ ᠭᠡᠭᠡᠷ᠎ᠡ ᠶᠢᠨ ᠠᠮᠢᠨ ᠬᠠᠷᠠᠭᠤᠯ᠂
ᠴᠢᠨ᠋ᠸ᠎ᠠ᠂ ᠴᠠᠰᠤᠳᠤ ᠶᠠᠷᠳᠢᠠᠴᠤ ᠶᠢᠨ ᠭᠢᠯᠪᠠᠭᠡᠨ ᠳᠠᠮᠠᠭ᠎ᠠ᠂
ᠴᠢᠨ᠋ᠸ᠎ᠠ᠂ ᠵᠠᠭᠤᠨ ᠤ ᠣᠷᠤᠰᠬᠠᠯ ᠳᠤ ᠮᠥᠩᠭᠡᠷᠡᠭ᠍ᠰᠡᠨ ᠰᠦᠨᠠᠰᠤ᠂
ᠴᠢᠨ᠋ᠸ᠎ᠠ᠂ ᠰᠢᠳᠤᠨ ᠪᠢᠰᠢᠷᠡᠭᠦ ᠰᠦᠰᠦᠳᠠᠢ᠌ᠴᠤᠳ ᠤᠨ ᠣᠪᠢᠳᠠᠰ ᠳᠤᠤᠯᠢ᠃
ᠵᠤᠬᠢᠶᠠᠭᠴᠢ ᠶᠢᠨ ᠬᠠᠶᠢᠭ ᠄ ᠬᠦᠬᠡᠨᠠᠭᠤᠷ ᠮᠤᠵᠢ ᠶᠢᠨ ᠭᠤᠤᠯᠮᠤᠳ ᠬᠤᠳᠠ
ᠵᠤᠬᠢᠶᠠᠭᠴᠢ᠄ ᠪᠣᠷᠵᠢᠭᠢᠨ ᠨᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2012 ᠤᠨ ᠤ 03 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ