ᠨᠡᠪᠲᠡᠷᠡᠨ ᠤᠷᠤᠬᠤ
ᠬᠠᠷᠭᠤᠰᠤᠯ

ᠳᠦᠷᠦᠭ᠍ᠰᠡᠨ ᠨᠤᠳᠤᠭ ᠮᠢᠨᠢ ᠳᠤᠭᠤᠰᠤ ᠬᠣᠢ᠌ᠯᠠᠷᠠᠨ ᠪᠣᠳᠠᠩ ᠮᠠᠨᠠᠷᠠᠵᠤ

ᠳᠤᠭᠤᠷᠤᠤ ᠶᠢᠨ ᠭᠡ ᠲᠡᠶ ᠨᠠᠭᠤᠷ ᠮᠢᠨᠢ ᠣᠰᠤ ᠰᠢᠷᠭᠢᠨ ᠠᠮᠢᠰᠬᠤᠯ ᠪᠢᠳᠡᠭᠦᠷᠡᠵᠤ

ᠭᠦᠪᠠᠭᠡ ᠨᠢ ᠣᠷᠠᠭᠳᠠᠭᠰᠠᠨ ᠳᠠᠯ᠎ᠠ ᠮᠢᠨᠢ ᠡᠪᠠᠰᠤ ᠰᠢᠩᠭᠡᠷᠡᠨ ᠡᠵᠡᠭᠦᠢᠷᠡᠵᠤ

ᠭᠦᠪᠴᠢ ᠨᠢ ᠰᠡᠮᠡᠷᠡᠭ᠍ᠰᠡᠨ ᠠᠭᠤᠯᠠᠰ ᠮᠢᠨᠢ ᠦᠨᠳᠦᠰᠦ ᠬᠤᠯᠳᠠᠷᠠᠨ ᠦᠬᠢᠷᠠᠵᠤ

ᠰᠠᠢ᠌ᠬᠠᠨ ᠨᠤᠳᠤᠭ ᠤᠨ ᠮᠢᠨᠢ ᠵᠢᠰᠤ ᠴᠠᠢ᠌ᠷᠠᠭᠠᠤᠨ ᠭᠦᠭᠡᠷᠡᠵᠤ

ᠰᠠᠷᠠᠨ ᠤ ᠭᠡᠭᠡᠨ ᠳᠤᠶᠠᠭ᠎ᠠ ᠥᠩᠭᠡ ᠠᠯᠳᠠᠭᠠᠤᠨ ᠪᠦᠳᠡᠭᠢᠷᠡᠵᠤ

ᠳᠦᠷᠦᠭᠦ ᠳᠤ ᠮᠢᠨᠢ ᠳᠤᠯᠠᠭᠠᠨ ᠪᠠᠢ᠌ᠭᠰᠠᠨ ᠳᠦᠭᠦᠷᠢᠭ᠌ ᠳᠡᠭ᠍ᠷᠢ ᠲᠡᠶ ᠭᠡᠷ ᠮᠢᠨᠢ ᠭᠤᠯᠤᠭᠳᠠᠵᠤ

ᠳᠠᠶ‍ᠢᠭ ᠳᠤᠯᠤᠭᠰᠠᠨ ᠡᠪᠦᠭᠡᠤᠨ ᠮᠢᠨᠢ ᠨᠤᠳᠤᠭ ᠰᠠᠯᠤᠨ ᠦᠨᠦᠴᠢᠷᠠᠵᠤ

ᠠᠭᠳᠠ ᠭᠦᠯᠦᠭ᠌ ᠤᠨ ᠬᠠᠰ ᠳᠤᠭᠤᠷᠠᠢ ᠡᠮᠳᠡᠷᠡᠵᠤ

ᠠᠷᠭᠠᠯᠢ ᠵᠡᠭᠡᠷ᠎ᠡ ᠶᠢᠨ ᠵᠠᠰ ᠳᠤᠭᠤᠰᠤ ᠠᠷᠢᠯᠵᠤ

ᠠᠶ᠎ᠠ ᠮᠢᠨᠤ ᠳᠦᠷᠦᠭ᠍ᠰᠡᠨ ᠨᠤᠳᠤᠭ ᠭᠦᠮᠤᠨ ᠤ ᠭᠠᠷ ᠲᠤ ᠣᠷᠤᠵᠤ

ᠠᠢ ᠡᠢ᠌ᠮᠤ ᠪᠠᠢ᠌ᠭ᠎ᠠ ᠦᠭᠡᠢ᠁

ᠬᠠᠨ ᠳᠡᠯᠡᠭᠡᠢ ᠵᠢᠨ  ᠭᠢᠵᠠᠭᠠᠷ ᠰᠤᠨᠤᠷ ᠴᠤᠭᠤᠷᠠᠵᠤ

ᠬᠠᠨᠠᠭᠠᠷ ᠮᠤᠩᠭ᠋ᠤᠯ ᠨᠤᠳᠤᠭ ᠪᠦᠪᠠᠢ ᠶᠢᠨ ᠡᠭᠡᠰᠢᠭ᠌ ᠶᠢᠡᠷ ᠰᠤᠯᠤᠩᠭ᠋ᠠᠷᠠᠵᠤ

ᠬᠠᠷᠠᠬᠠᠨ ᠭᠡᠵᠢᠭᠡ ᠲᠡᠶ ᠡᠵᠢ ᠮᠢᠨᠢ ᠰᠦᠨᠢ ᠶᠢᠨ ᠳᠤᠮᠳᠠᠭᠤᠷ ᠪᠠᠷᠭᠡᠳᠡᠵᠤ

ᠬᠠᠩᠬᠠᠭᠠᠷ ᠰᠥᠷᠯᠢᠭᠦᠨ ᠠᠪᠣ ᠶᠢᠨ ᠶᠢᠡᠨ ᠠᠯᠠᠭᠠᠨ ᠳᠡᠭᠡᠷ᠎ᠡ ᠪᠢ ᠲᠦᠷᠦᠵᠤ ᠪᠠᠢ᠌ᠬᠤ ᠳ᠋ᠤ

ᠮᠤᠩᠭ᠋ᠤᠯ ᠭᠡᠷ ᠤᠨ ᠭᠠᠳᠠᠨ᠎ᠠ

ᠮᠤᠷᠢᠳ ᠤᠨ ᠣᠶᠠᠭ᠎ᠠ ᠵᠡᠷᠭᠡᠯᠡᠵᠤ

ᠮᠠᠩᠬᠠᠨ ᠰᠢᠷ᠎ᠠ ᠵᠠᠯᠠᠭᠤ

ᠮᠤᠷᠢᠨ ᠤ  ᠭᠡᠰᠢᠭ᠌ ᠲᠡᠶ ᠲᠦᠷᠦᠵᠤ

ᠮᠠᠯ ᠰᠥᠷᠦᠭ᠌ ᠤᠨ ᠪᠠᠯᠴᠢᠭᠡᠷ

ᠮᠠᠩᠨᠤᠭ ᠳᠤᠷᠭ᠎ᠠ  ᠰᠢᠭ ᠬᠠᠯᠢᠭᠤᠷᠠᠵᠤ

ᠮᠢᠨᠤ ᠳᠦᠷᠦᠭ᠍ᠰᠡᠨ ᠨᠤᠳᠤᠭ

ᠵᠢᠷᠭᠠᠯ ᠪᠦᠪᠠᠢ᠌ᠯᠠᠨ ᠡᠭᠡᠰᠢᠭᠯᠡᠵᠤ

ᠶᠠᠩᠭᠢᠷ ᠤᠨ ᠳᠠᠷᠭᠤᠨ ᠰᠥᠷᠦᠭ᠌

ᠭᠦᠷᠮ᠎ᠡ ᠶᠢᠨ ᠴᠢᠯᠠᠭᠤ ᠥᠷᠭᠦᠭᠡᠵᠤ

ᠶ‍ᠢᠰᠤ ᠵᠢᠨ ᠣᠯᠠᠭᠠᠨ ᠥᠨᠡᠭᠡ

ᠭᠦᠨ ᠵᠢᠯᠠᠭ᠎ᠠ ᠳᠠᠮᠵᠢᠵᠤ

ᠰᠥᠷᠦᠭ᠌ ᠵᠤᠵᠠᠭᠠᠨ ᠵᠡᠭᠡᠷ᠎ᠡ

ᠰᠢᠯᠢ ᠶᠢᠨ ᠣᠷᠤᠢ ᠭᠡᠷᠴᠢᠵᠤ

ᠰᠤᠮᠤᠨ ᠭᠦᠭᠡ ᠴᠢᠨ᠋ᠸ᠎ᠠ

ᠰᠦᠨᠢ ᠶᠢᠨ ᠭᠦᠰᠢᠭᠡ ᠳᠠᠰᠢᠴᠠᠵᠤ

ᠰᠡᠷᠭᠡᠭ᠌ ᠴᠠᠭᠠᠨ ᠢᠮᠠᠭᠠᠤᠨ

ᠴᠢᠯᠠᠭᠤ ᠭᠢᠰᠭᠢᠨ ᠦᠰᠦᠷᠭᠢᠯᠠᠵᠤ

ᠰᠥᠷᠦᠭ᠌ ᠵᠤᠵᠠᠭᠠᠨ ᠬᠤᠨᠢᠳ

ᠭᠤᠤᠯ ᠥᠭ᠍ᠰᠤᠨ ᠪᠠᠯᠴᠢᠵᠤ

ᠰᠠᠭᠠᠯᠢ ᠶᠢᠨ ᠨᠤᠮᠤᠬᠠᠨ ᠦᠨᠢᠶᠠᠤᠨ

ᠰᠢᠷᠢᠭᠢ ᠲᠠᠭᠠᠨ ᠢᠳᠠᠰᠢᠯᠠᠵᠤ

ᠰᠦᠨ ᠳᠡᠭᠡᠨ ᠴᠠᠳᠠᠭᠤᠷᠠᠭᠰᠠᠨ ᠳᠤᠭᠤᠯ

ᠰᠡᠭᠦᠳᠡᠷ ᠲᠠᠭᠠᠨ ᠭᠡᠪᠳᠡᠵᠤ

ᠭᠦᠭ᠍ᠰᠢᠨ ᠪᠣᠭᠤᠷᠤᠯ ᠡᠪᠦᠭᠡᠤᠨ

ᠬᠤᠯᠠ ᠶᠢᠨ ᠶᠠᠷᠢᠶ᠎ᠠ ᠳᠡᠯᠭᠡᠵᠤ

ᠭᠦᠭᠡᠷᠦᠭᠦᠨ ᠪᠠᠭ᠎ᠠ ᠵᠢᠭᠠᠯ ᠊ᠤᠳ

ᠴᠢᠯᠠᠭᠤ ᠵᠡᠷᠭᠡᠯᠡᠨ ᠨᠠᠭᠠᠳᠤᠵᠤ

ᠡᠮᠨᠢᠭ᠌ ᠣᠨᠤᠭᠰᠠᠨ ᠬᠠᠷᠠᠴᠤᠤᠯ

ᠭᠦᠳᠡᠭᠡ ᠭᠡᠮᠵᠢᠨ ᠳᠠᠪᠭᠢᠵᠤ

ᠡᠭᠡᠵᠡᠭᠡᠢ ᠬᠠᠳᠠᠭᠠᠭᠰᠠᠨ ᠭᠡᠦᠭᠡᠡᠴᠦᠦᠯ

ᠭᠡᠷ ᠡᠷᠭᠢᠨ ᠶᠠᠭᠠᠷᠠᠵᠤ

ᠠᠯᠳᠠᠨ ᠰᠢᠷᠭᠠᠯ  ᠨᠠᠷᠠ

ᠡᠭᠦᠯᠡ ᠰᠢᠪᠳᠤᠯᠤᠨ ᠣᠷᠭᠤᠵᠤ

ᠠᠢ᠌ᠷᠠᠭ ᠰᠦ᠋ ᠶᠢᠨ ᠦᠨᠦᠷ ᠵᠢᠠᠷ

ᠮᠤᠩᠭ᠋ᠤᠯ ᠨᠤᠳᠤᠭ ᠦᠨᠢᠶᠠᠷᠳᠤᠵᠤ

ᠰᠢᠯ ᠪᠣᠯᠤᠷ ᠣᠰᠤ

ᠨᠤᠳᠤᠭ ᠳᠤᠯᠢᠳᠠᠨ ᠣᠷᠤᠰᠴᠤ

ᠰᠢᠨᠡᠭᠡᠨ ᠮᠤᠩᠭ᠋ᠤᠯ ᠭᠡᠷ ᠊ᠤᠳ

ᠬᠠᠷᠠᠭ᠎ᠠ ᠪᠣᠯᠢᠶᠠᠨ ᠭᠢᠯᠠᠰᠴᠤ

ᠮᠢᠨᠤ ᠳᠦᠷᠦᠭ᠍ᠰᠡᠨ ᠨᠤᠳᠤᠭ  ᠪᠦᠪᠠᠢ ᠶᠢᠨ ᠡᠭᠡᠰᠢᠭ᠌ ᠶᠢᠡᠷ ᠰᠤᠯᠤᠩᠭ᠋ᠠᠷᠠᠵᠤ

ᠮᠢᠨᠤ ᠳᠦᠷᠦᠭ᠍ᠰᠡᠨ ᠨᠤᠳᠤᠭ ᠠᠮᠢᠯᠠᠯ ᠤᠨ ᠵᠢᠷᠦᠭᠡ ᠪᠠᠷ ᠴᠤᠭᠢᠯᠠᠵᠤ ᠪᠠᠢ᠌ᠯ᠎ᠠ᠃

ᠵᠤᠬᠢᠶᠠᠭᠴᠢ᠄ ᠭᠦᠭᠡᠤᠨ ᠴᠢᠨᠸ᠎ᠠ ᠴ·ᠴᠠᠷᠠᠩ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 3079
ᠴᠠᠭ᠄ 2007 ᠤᠨ ᠤ 08 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ