☆ ᠳᠤ᠋·ᠡᠷᠳᠡᠨᠢᠪᠢᠯᠢᠭ᠌
ᠴᠢᠮᠢ᠋ᠢ ᠰᠠᠨᠠᠭᠰᠠᠨ ᠦᠳᠡᠰᠢ
ᠴᠢᠮᠢ᠋ᠢ ᠶᠠᠪᠣᠭᠰᠠᠨ ᠳᠠᠷᠠ ᠦᠳᠡᠰᠢ ᠶᠢᠨ
ᠴᠠᠭ ᠳᠠᠩᠴᠤ ᠣᠷᠳᠤ ᠪᠠᠢ᠌ᠯ᠎ᠠ
ᠴᠠᠢ᠌ᠯᠭᠠᠨ ᠬᠤᠩᠭ᠋ᠤᠷ ᠵᠢᠷᠦᠭᠡ ᠰᠡᠭ᠍ᠴᠢᠵᠤ
ᠴᠡᠭᠡᠵᠢᠨ ᠳᠤ ᠨᠢᠭᠡ ᠯᠠ ᠡᠡᠶᠡᠭᠦᠢ ᠪᠠᠢ᠌ᠯ᠎ᠠ
ᠬᠠᠪᠢᠷᠭᠠᠨ ᠰᠠᠷ᠎ᠠ ᠶᠢ ᠰᠢᠷᠳᠡᠩᠭᠡᠨ ᠰᠠᠭᠤᠬᠤ ᠳᠤ
ᠬᠠᠭᠠᠰ ᠭᠡᠰᠡᠭ᠌ ᠨᠢ ᠡᠵᠡᠭᠦᠢ ᠪᠠᠢ᠌ᠯ᠎ᠠ᠂
ᠬᠠᠨᠢᠯᠠᠵᠤ ᠶᠠᠪᠣᠭᠰᠠᠨ ᠶᠢᠡᠨ ᠳᠤᠷᠠᠰᠤᠩᠬᠠᠨ ᠰᠠᠨᠠᠬᠤ ᠳᠤ
ᠬᠠᠢ᠌ᠷ᠎ᠠ ᠶᠢᠨ ᠮᠢᠨᠢ ᠰᠡᠳᠭᠢᠯ ᠳᠤ ᠳᠤᠮᠳᠠᠭᠤᠷ ᠪᠠᠢ᠌ᠯ᠎ᠠ
ᠠᠶᠠᠭ᠎ᠠ ᠲᠡᠶ ᠴᠠᠢ ᠪᠠᠨ ᠠᠪᠣᠭᠠᠤᠨ ᠣᠭᠤᠴᠢᠬᠤ ᠳᠤ
ᠠᠮᠳᠠ ᠨᠢ ᠨᠢᠭᠡ ᠯᠠ ᠭᠠᠰᠢᠭᠤᠨ ᠰᠠᠨᠠᠭᠳᠠᠨ᠎ᠠ
《ᠠᠷᠭ᠎ᠠ ᠦᠭᠡᠶ ᠠᠮᠠᠷᠠᠭ》 ᠊ᠢ ᠨᠠᠮᠤᠭᠤᠬᠠᠨ ᠭᠢᠩᠰᠢᠭᠦ ᠳ᠋ᠤ
ᠠᠶᠠᠰ ᠨᠢ ᠨᠢᠭᠡ ᠯᠠ ᠰᠤᠯᠤᠭᠠᠢ ᠳᠦᠷᠦᠭ᠍ᠳᠡᠨ᠎ᠡ
ᠳᠠᠷᠠ ᠪᠠᠨ ᠳᠠᠯᠪᠢᠭᠠᠤᠨ ᠬᠠᠵᠠᠭᠤᠯᠳᠠᠨ ᠭᠡᠪᠳᠡᠭᠦ ᠳᠤ
ᠳᠠᠮᠠᠢ ᠴᠤ ᠨᠥᠢᠷ ᠥᠭᠡᠢ ᠤᠢ᠌ᠳᠬᠠᠷ ᠴᠤᠬᠤᠯᠵᠠᠨ᠎ᠠ
ᠳ᠋ᠸᠩ ᠶᠢᠡᠨ ᠠᠰᠠᠭᠠᠴᠢᠬᠠᠭᠠᠤᠨ ᠪᠣᠰᠴᠤ ᠰᠠᠭᠤᠬᠤ ᠳᠤ
ᠳᠡᠷᠭᠡᠳᠡ ᠮᠢᠨᠢ ᠨᠢᠭᠡ ᠣᠷᠤ ᠬᠤᠭᠤᠰᠤᠨ ᠴᠠᠯᠳᠠᠢ᠌ᠨᠠ ᠁
ᠴᠢᠮᠢ᠋ᠢ ᠶᠠᠪᠣᠭᠰᠠᠨ ᠳᠠᠷᠠ ᠦᠳᠡᠰᠢ ᠶᠢᠨ
ᠴᠠᠭ ᠳᠠᠩᠴᠤ ᠣᠷᠳᠤ ᠪᠠᠢ᠌ᠯ᠎ᠠ
ᠴᠠᠢ᠌ᠯᠭᠠᠨ ᠬᠤᠩᠭ᠋ᠤᠷ ᠵᠢᠷᠦᠭᠡ ᠰᠡᠭ᠍ᠴᠢᠵᠤ
ᠴᠡᠭᠡᠵᠢᠨ ᠳᠤ ᠨᠢᠭᠡ ᠯᠠ ᠡᠡᠶᠡᠭᠦᠢ ᠪᠠᠢ᠌ᠯ᠎ᠠ ᠁
ᠵᠤᠬᠢᠶᠠᠭᠴᠢ ᠶᠢᠨ ᠬᠠᠶᠢᠭ᠄ ᠰᠢᠯᠢ ᠶᠢᠨ ᠭᠤᠤᠯ ᠠᠢ᠌ᠮᠠᠭ ᠤᠨ ᠪᠠᠷᠠᠭᠤᠨ ᠦᠵᠤᠮᠤᠴᠢᠨ ᠬᠤᠰᠢᠭᠤᠨ ᠤ ᠪᠠᠶᠠᠩᠬᠤᠧᠨ ᠪᠠᠯᠭᠠᠰᠤ ᠶᠢᠨ ᠪᠣᠷᠤᠬᠤᠰᠢᠭᠤ ᠭᠠᠴᠠᠭ᠎ᠠ
ᠵᠤᠬᠢᠶᠠᠭᠴᠢ᠄ ᠳᠤ᠋·ᠡᠷᠳᠡᠨᠢᠪᠢᠯᠢᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 47064
ᠴᠠᠭ᠄ 2014 ᠤᠨ ᠤ 07 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ