ᠨᠡᠪᠲᠡᠷᠡᠨ ᠤᠷᠤᠬᠤ
ᠬᠠᠶ‍ᠢᠭ ᠳᠦᠭᠡᠷᠢᠭ᠍ᠰᠡᠨ ᠵᠠᠭᠢᠳᠠᠯ

ᠰᠠᠢ᠌ᠬᠠᠨ ᠵᠠᠭᠢᠳᠠᠯ ᠢ ᠴᠢᠨᠢ

ᠪᠢ ᠳᠤᠰᠤᠭ᠎ᠠ ᠥᠭᠡᠢ

ᠬᠠᠯᠠᠭᠤᠬᠠᠨ ᠴᠡᠭᠡᠵᠢᠨ ᠳ᠋ᠡᠭᠡᠨ

ᠶᠠᠭᠤ ᠰᠠᠨᠠᠵᠤ

ᠬᠤᠯᠠ ᠡᠴᠡ ᠵᠠᠭᠢᠳᠠᠯ ᠢᠯᠡᠭᠡᠭ᠍ᠰᠡᠨ ᠪᠣᠯ︖

ᠴᠠᠭᠠᠨ ᠴᠠᠭᠠᠰᠤᠨ ᠳᠡᠭᠡᠷ᠎ᠡ

ᠶᠠᠭᠤ ᠰᠢᠩᠭᠡᠭᠡᠵᠤ

ᠬᠠᠷᠢᠭᠤ ᠦᠭᠡᠶ ᠵᠠᠭᠢᠶ᠎ᠠ ᠢᠯᠡᠭᠡᠭ᠍ᠰᠡᠨ ᠪᠣᠯ︖

ᠳᠤᠭᠤᠢ ᠰᠠᠭᠤᠭᠰᠠᠨ ᠨᠠᠮ᠎ᠠ ᠵᠢ

ᠳᠤᠷᠠᠯᠠᠯ ᠤᠨ ᠬᠠᠷᠠᠴᠠ ᠪᠠᠷ ᠰᠢᠷᠳᠠᠵᠤ

ᠣᠷᠤᠭᠤᠯ ᠶᠢᠡᠨ ᠥᠩᠭᠡᠯᠡᠭ᠍ᠰᠡᠨ ᠪᠣᠳᠤᠭ ᠢ ᠮᠢᠨᠢ ᠭᠦᠷᠳᠡᠯ᠎ᠡ

ᠨᠢᠭᠤᠴᠠᠬᠠᠨ ᠨᠢᠭᠤᠴᠠᠬᠠᠨ ᠠᠩᠬᠠᠷᠴᠤ

ᠦᠪᠡᠷ ᠶᠢᠡᠨ ᠴᠤ ᠮᠡᠳᠡᠭᠡ ᠥᠭᠡᠢ

ᠭᠦᠳᠡᠯᠦᠯ ᠪᠣᠯᠭᠠᠨ ᠢ ᠮᠢᠨᠢ ᠰᠠᠷᠠᠵᠤ

ᠪᠠᠶ᠎ᠠ ᠡᠴᠡ ᠪᠠᠨ ᠵᠤᠪᠠᠰᠭᠢᠨ ᠰᠠᠭᠤᠭᠰᠠᠨ

ᠥᠯᠢᠭᠡᠷ ᠤᠨ ᠶᠤᠮᠰᠢᠭ ᠳᠤᠭᠳᠤᠯᠤᠯ ᠵᠢᠠᠨ

ᠪᠠᠭᠯᠠᠵᠤ ᠨᠠᠰᠢ ᠢᠯᠡᠭᠡᠭ᠍ᠰᠡᠨ ᠪᠣᠯ ᠦᠦ︖

ᠬᠠᠨᠢ ᠶᠢᠨ ᠵᠢᠷᠭᠠᠯ ᠳᠤ ᠰᠤᠭᠳᠤᠭᠤᠷᠠᠵᠤ

ᠬᠠᠨ ᠭᠦᠤ ᠰᠢᠭ᠌ ᠵᠢᠷᠭᠠᠬᠤ ᠳ᠋ᠠᠭᠠᠨ

ᠵᠢᠷᠭᠠᠯ ᠭᠦᠰᠡᠯ ᠤᠨ ᠵᠠᠪᠰᠠᠷ ᠵᠢᠠᠷ

ᠳᠠᠯ᠎ᠠ ᠳᠠᠭᠠᠨ ᠳᠠᠪᠭᠢᠳᠠᠭ ᠬᠤᠯᠠᠨ ᠰᠢᠭ

ᠳᠠᠩᠭᠢᠯ ᠭᠦᠰᠡᠯ ᠳᠡᠭᠡᠨ ᠭᠦᠳᠦᠯᠦᠭ᠍ᠳᠡᠭ᠍ᠰᠡᠨ

ᠴᠢᠮ᠎ᠠ ᠶᠢ ᠳᠠᠨᠢᠭ᠎ᠠ ᠦᠭᠡᠶ ᠨᠠᠮ᠎ᠠ ᠵᠢ

ᠬᠠᠶᠠ ᠬᠠᠶᠠ ᠳᠤᠷᠠᠰᠳᠠᠭ ᠵᠢᠠᠨ

ᠬᠠᠶ‍ᠢᠭᠯᠠᠵᠤ ᠢᠯᠡᠭᠡᠭ᠍ᠰᠡᠨ ᠴᠤ ᠪᠣᠯ ᠦᠦ︖

ᠭᠡᠭᠡᠷ᠎ᠡ ᠶᠢᠨ ᠰᠠᠯᠭᠢᠨ ᠤ ᠥᠭᠦᠭᠦᠷᠳᠡᠯ ᠳ᠋ᠤ

ᠨᠠᠢ᠌ᠭᠤᠨ ᠭᠠᠩᠬᠤᠬᠤ ᠡᠪᠠᠰᠤᠨ ᠨᠠᠮᠠᠭ᠎ᠠ

ᠬᠤᠷᠢᠨ ᠨᠠᠰᠤᠨ ᠤ ᠵᠠᠭᠢᠶ᠎ᠠ ᠣᠩᠰᠢᠵᠤ

ᠣᠶᠠᠷᠠᠰᠭᠢᠨ ᠭᠠᠩᠬᠤᠵᠤ

ᠣᠭᠢᠯᠠᠰᠭᠢᠨ ᠳᠤᠭᠳᠤᠯᠵᠤ

ᠳᠠᠯ᠎ᠠ ᠳ᠋ᠠᠭᠠᠨ

ᠭᠦᠷᠦᠰᠤᠨ ᠳ᠋ᠡᠭᠡᠨ

ᠴᠤᠤᠷᠢᠶ᠎ᠠ ᠳᠠᠮᠵᠢᠭᠤᠯᠵᠤ

ᠨᠠᠰᠤᠨ ᠤ ᠮᠥᠩᠭᠡ ᠥᠯᠢᠭᠡᠷ ᠳᠠᠢ

ᠮᠥᠩᠭᠡᠯᠡᠵᠤ ᠳᠠᠯᠪᠢᠵᠠᠢ

ᠳᠠᠷᠠ ᠰᠠᠢ᠌ᠬᠠᠨ ᠵᠠᠭᠢᠶ᠎ᠠ ᠶᠢ᠃

ᠵᠤᠬᠢᠶᠠᠭᠴᠢ᠄ ᠪᠠ᠊·ᠤᠶᠤᠨᠴᠡᠴᠡᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2849
ᠴᠠᠭ᠄ 2009 ᠤᠨ ᠤ 08 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ