ᠨᠡᠪᠲᠡᠷᠡᠨ ᠤᠷᠤᠬᠤ
ᠨᠠᠮᠤᠷ ᠪᠣᠴᠠᠪᠠ

ᠭᠠᠠᠵᠤᠭ᠎ᠠ ᠳᠤᠰᠤᠳᠠᠬᠤ ᠬᠤᠯᠠᠨ ᠰᠢᠷᠭᠠᠯ ᠡᠳᠦᠷ ᠤᠳ

ᠭᠠᠵᠠᠷ ᠲᠤ ᠪᠣᠳᠠᠷᠠᠬᠤ ᠨᠠᠪᠴᠢᠰ ᠤᠨ ᠴᠢᠮᠡᠭᠡ ᠪᠠᠷ ᠥᠷᠭᠦᠵᠤ

ᠭᠠᠯᠠᠭᠤᠳᠤ ᠨᠠᠭᠤᠷ ᠤᠨ ᠨᠠᠮᠵᠢᠭᠤᠨ ᠣᠰᠤᠨ ᠳ᠋ᠤ

ᠭᠠᠷᠠᠬᠠᠯᠠᠬᠤ ᠳᠤᠯᠭᠢᠶ᠎ᠠ ᠨᠢᠭᠡ ᠪᠠᠷ ᠳᠤᠳᠠᠨ

ᠨᠠᠮᠤᠷ ᠪᠣᠴᠠᠪᠠ

ᠨᠠᠮᠤᠷ ᠲᠡᠶ ᠬᠠᠮᠳᠤ ᠨᠠᠪᠴᠢᠨ ᠤ ᠨᠤᠭᠤᠭᠠᠨ ᠥᠩᠭᠡ ᠪᠣᠴᠠᠪᠠ

ᠠᠯᠤᠰ ᠢ ᠵᠤᠷᠢᠨ ᠨᠡᠭᠦᠳᠡᠯᠯᠡᠭᠡ

ᠠᠶᠠᠨ ᠤ ᠰᠢᠪᠠᠭᠤᠳ ᠤᠨ ᠭᠠᠩᠭ᠋ᠠᠨᠠᠭ᠎ᠠ

ᠠᠮᠠᠷᠠᠭ ᠰᠠᠤᠠᠭᠢᠯ ᠣᠢ᠌ᠮᠤᠷᠠᠭᠤᠯᠵᠤ

ᠠᠯᠳᠠᠨ ᠡᠴᠡ ᠦᠨᠡᠳᠠᠢ ᠠᠷᠢᠭᠤᠨ ᠮᠦᠴᠡ ᠵᠢ

ᠠᠯᠠᠭ ᠨᠢᠳᠤᠨ ᠤ ᠨᠢᠯᠪᠣᠰᠤ ᠲᠡᠶ ᠬᠠᠮᠳᠤ ᠣᠷᠤᠰᠬᠠᠨ

ᠨᠠᠮᠤᠷ ᠪᠣᠴᠠᠪᠠ

ᠨᠠᠮᠤᠷ ᠲᠡᠶ ᠬᠠᠮᠳᠤ ᠰᠢᠪᠠᠭᠤᠳ ᠪᠣᠴᠠᠪᠠ

ᠮᠥᠭᠦᠯᠢᠭ᠌ ᠰᠤᠪᠣᠤᠨ ᠠᠳᠠᠯᠢ ᠪᠦᠮᠪᠦᠷᠢᠭᠦ

ᠮᠥᠷᠦᠭᠡᠳᠦᠯ ᠤᠨ ᠳᠤᠷᠭᠠᠨ ᠥᠵᠦᠭᠦᠷ ᠳᠤ

ᠮᠥᠩᠭᠡ ᠶᠢᠨ ᠳᠤᠷᠠᠰᠤᠯ ᠬᠤᠨᠤᠭᠠᠵᠤ

ᠮᠥᠩᠭᠦᠨ ᠭᠢᠷᠠᠭᠤᠳᠤ ᠡᠪᠠᠰᠤᠨ ᠤ ᠨᠠᠮᠠᠭᠠᠨ ᠡᠴᠡ

ᠮᠦᠰᠤᠳᠤ ᠡᠪᠦᠯ ᠤᠨ ᠰᠤᠷᠠᠭ ᠠᠨᠢᠷᠳᠤᠨ

ᠨᠠᠮᠤᠷ ᠪᠣᠴᠠᠪᠠ

ᠨᠠᠮᠤᠷ ᠲᠡᠶ ᠬᠠᠮᠳᠤ ᠰᠠᠤᠠᠭᠢᠯ ᠪᠣᠴᠠᠪᠠ

ᠨᠠᠢ᠌ᠵᠠ ᠪᠦᠰᠡᠭᠦᠢ ᠲᠡᠶ ᠪᠠᠨ ᠥᠶᠡᠷᠭᠡᠭᠦ ᠭᠡᠰᠡᠨ

ᠨᠠᠰᠤᠨ ᠤ ᠠᠯᠳᠠᠨ ᠭᠦᠰᠡᠯ

ᠨᠠᠷᠠᠨ ᠤ ᠬᠠᠮᠳᠤ ᠬᠤᠯᠠᠳᠠᠨ

ᠨᠠᠰᠢ ᠪᠣᠴᠠᠬᠤ ᠦᠭᠡᠶ ᠴᠠᠭ ᠤᠨ

ᠨᠢᠮᠭᠡᠨ ᠭᠤᠨᠢᠭ ᠡᠭᠦᠷᠴᠤ

ᠨᠠᠮᠤᠷ ᠪᠣᠴᠠᠪᠠ

ᠨᠠᠮᠤᠷ ᠲᠡᠶ ᠬᠠᠮᠳᠤ ᠭᠦᠰᠡᠯ ᠪᠣᠴᠠᠪᠠ ᠡ︕

ᠵᠤᠬᠢᠶᠠᠭᠴᠢ᠄ ᠯ·ᠣᠳᠤᠨ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 4585
ᠴᠠᠭ᠄ 2007 ᠤᠨ ᠤ 11 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ